ᠡᠬᠡ ᠶ᠋ᠢᠨ ᠠᠴᠢ - ᠦᠭᠡ ᠂ ᠠᠶ᠎ᠠ ᠄ ᠷᠠᠪᠲᠡᠨ Эхийн ач - Үг ᠂ Ая ᠄ Равдан
ᠡᠬᠡ ᠶ᠋ᠢᠨ ᠠᠴᠢ
ᠦᠭᠡ ᠂ ᠠᠶ᠎ᠠ ᠄ ᠷᠠᠪᠲᠡᠨ
ᠠᠯᠲᠠᠨ ᠳᠡᠯᠡᠬᠡᠢ ᠳ᠋ᠤ᠌ ᠴᠤᠤᠷᠢᠶᠠᠲᠤᠬᠤ
ᠠᠶ᠎ᠠ ᠳᠠᠭᠤᠤ ᠴᠡᠭᠡᠯᠬᠡᠨ
ᠠᠶ᠎ᠠ ᠳᠠᠭᠤᠨ ᠪ ᠳᠣᠲᠣᠷ᠎ᠠ ᠠ᠋ᠴᠠ
ᠡᠵᠢ ᠶ᠋ᠢᠨ ᠮᠢᠨᠢ ᠳᠠᠭᠤᠤ ᠯᠠ ᠢᠯᠡᠬᠡᠨ
ᠠᠩᠭᠢᠷ ᠰᠢᠷ᠎ᠠ ᠤᠭᠤᠷᠠᠭ ᠦ᠋ᠨ ᠬᠢᠨᠢ
ᠠᠮᠲᠠ ᠶ᠋ᠢ ᠶᠠᠭᠤ ᠪᠠᠷ ᠵᠦᠢᠷᠯᠡᠬᠦ ᠪᠤᠢ
ᠠᠯᠲᠠᠨ ᠪᠡᠶ᠎ᠡ ᠶ᠋ᠢ ᠮᠢᠨᠢ ᠪᠣᠶ᠋ᠢᠵᠢᠭᠤᠯᠤᠭᠰᠠᠨ
ᠠᠴᠢ ᠶ᠋ᠢ ᠨᠢ ᠶᠠᠭᠠᠬᠢᠵᠤ ᠯᠠ ᠬᠠᠷᠢᠭᠤᠯᠬᠤ ᠪᠤᠢ ᠂
ᠠᠴᠢ ᠶ᠋ᠢ ᠨᠢ ᠶᠠᠭᠠᠬᠢᠵᠤ ᠯᠠ ᠬᠠᠷᠢᠭᠤᠯᠬᠤ ᠪᠤᠢ ᠃
ᠡᠲᠦᠷ ᠰᠥᠨᠢ ᠦᠭᠡᠢ ᠪᠦᠪᠡᠢᠯᠡᠭᠰᠡᠭᠡᠷ
ᠦᠷ᠎ᠡ ᠨᠠᠮᠠᠢ᠍ᠢ ᠪᠠᠨ ᠥᠰᠭᠡᠭᠰᠡᠨ ᠂
ᠡᠷᠬᠢᠮ ᠳᠡᠭᠡᠳᠦ ᠢᠷᠥᠭᠡᠯ ᠶ᠋ᠢᠡᠷ ᠶ᠋ᠢᠡᠨ
ᠶᠡᠬᠡ ᠦᠢᠯᠡᠰ ᠊ᠢ ᠮᠢᠨᠢ ᠵᠦᠩᠨᠡᠭᠰᠡᠨ ᠃
ᠲᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ16 ᠪ ᠡᠲᠦᠷ

