ᠮᠣᠩᠭᠣᠯ ᠨᠤᠲᠤᠭ ᠤ᠋ᠨ ᠬᠠᠪᠤᠷ- ᠪᠣ · ᠪᠠᠭᠠᠨ᠎ᠠМонгол нутгийн хавар-бу · багана ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ ᠤ᠋ᠨ ᠬᠠᠪᠤᠷ- ᠪᠣ · ᠪᠠᠭᠠᠨ᠎ᠠМонгол нутгийн хавар-бу · багана

ᠮᠣᠩᠭᠣᠯ ᠨᠤᠲᠤᠭ ᠤ᠋ᠨ ᠬᠠᠪᠤᠷ- ᠪᠣ · ᠪᠠᠭᠠᠨ᠎ᠠМонгол нутгийн хавар-бу · багана

2023-04-18

337

     ᠪᠣ · ᠪᠠᠭᠠᠨ᠎ᠠ


ᠰᠤᠷ ᠲᠠᠢ ᠠᠰᠬᠠᠭᠰᠠᠨ ᠳᠡᠯ ᠳ᠋ᠦ᠍ᠨᠢ
ᠬᠡᠶ᠋ᠢᠮᠣᠷᠢ ᠲᠠᠢ ᠵᠠᠯᠠᠭᠤᠰ ᠵᠢᠪᠬᠤᠭᠠᠯᠠᠭᠰᠠᠨ
ᠰᠣᠯᠣᠩᠭᠠᠨ ᠬᠡ ᠲᠡᠢ ᠲᠠᠯ᠎ᠠ ᠳ᠋ᠤᠨᠢ
ᠨᠤᠲᠤᠭ ᠤ᠋ᠨ ᠦᠵᠡᠮᠵᠢ ᠲᠡᠷᠭᠡᠯᠰᠢᠭᠰᠡᠨ
ᠲᠥᠯ ᠦ᠋ᠨ ᠮᠢᠩᠭᠠᠨ ᠡᠭᠡᠰᠢᠭ ᠬᠠᠩᠭᠢᠨᠠᠭᠰᠠᠨ
ᠮᠠᠯᠴᠢᠳ ᠤ᠋ᠨ ᠬᠠᠪᠤᠷ ᠲᠡᠨᠢᠭᠦᠨ
ᠲᠦᠮᠡᠨ ᠨᠠᠶ᠋ᠢᠷᠠᠯ ᠬᠥᠭᠵᠢᠮ ᠤᠶᠠᠩᠭᠠᠷᠠᠭᠰᠠᠨ
ᠬᠤᠨ ᠤ᠋ ᠨᠠᠭᠤᠷ ᠠᠮᠤᠭᠤᠯᠠᠩ
ᠪᠢᠨᠲᠡᠷᠢᠶᠡᠨ ᠲᠩᠷᠢ ᠡᠴᠡ ᠢᠪᠡᠭᠡᠭᠰᠡᠨ
ᠳᠡᠯᠡᠬᠡᠢ ᠳ᠋ᠦ᠍ ᠤᠮᠳᠠᠯᠠᠭᠰᠠᠨ ᠷᠠᠰᠢᠶᠠᠨ
ᠪᠢᠳᠡᠨ ᠦ᠌ ᠮᠣᠩᠭᠣᠯ ᠤ᠋ᠨ ᠬᠠᠪᠤᠷ
ᠵᠢᠯ ᠵᠢᠯ ᠳᠡᠯᠭᠡᠷ !
ᠨᠣᠭᠣᠭᠠᠨ ᠤ᠋ ᠦᠨᠦᠷ ᠰᠡᠩᠭᠢᠨᠡᠭᠰᠡᠨ
ᠬᠠᠪᠤᠷ ᠤ᠋ᠨ ᠠᠮᠢᠰᠬᠤᠯ ᠤᠷᠢᠨ
ᠨᠠᠪᠴᠢᠨ ᠤ᠋ ᠴᠣᠮᠣᠷᠯᠢᠭ ᠳᠡᠯᠭᠡᠷᠡᠭᠰᠡᠨ
ᠬᠠᠷᠠᠭᠠᠨ ᠤ᠋ ᠴᠠᠭ ᠦᠵᠡᠰᠬᠦᠯᠡᠩ
ᠵᠡᠷᠭᠡᠯᠭᠡᠨ ᠰᠤᠨᠳᠠᠯᠠᠵᠤ ᠦᠶᠡᠯᠡᠭᠰᠡᠨ
ᠠᠭᠤᠯᠠᠰ ᠤ᠋ᠨ ᠣᠷᠭᠢᠯ ᠰᠦᠷᠯᠢᠭ
ᠵᠢᠷᠪᠢᠯᠵᠡᠩᠭᠡᠨ ᠮᠢᠷᠠᠯᠵᠠᠬᠤ ᠲᠤᠤᠯᠠ ᠶ᠋ᠢᠨ
ᠤᠶᠠᠬᠠᠨ ᠡᠭᠡᠰᠢᠭ ᠢᠷᠠᠭᠤᠬᠠᠨ
ᠬᠤᠷ᠎ᠠ ᠶ᠋ᠢᠨ ᠬᠡᠰᠢᠭ ᠰᠢᠪᠡᠷᠡᠭᠰᠡᠨ
ᠳᠡᠯᠡᠬᠡᠢ ᠶ᠋ᠢᠨ ᠵᠣ ᠠᠮᠤᠭᠤᠯᠠᠩ
ᠬᠣᠲᠠᠯᠠ ᠲᠦᠮᠡᠨ ᠪᠠᠶᠠᠰᠤᠯᠴᠠᠭᠰᠠᠨ
ᠮᠣᠩᠭᠣᠯ ᠤ᠋ᠨ ᠬᠠᠪᠤᠷ ᠰᠠᠢᠬᠠᠨ ᠠ᠋ !


   ᠦᠰᠦᠭ ᠠᠮᠢᠯᠠᠭᠤᠯᠤᠭᠴᠢ ᠄ ᠵᠢᠪᠬᠤᠯᠠᠩ
   ᠬᠢᠨᠠᠭᠴᠢ ᠄ ᠣᠤᠠᠬᠠᠨᠰᠤ᠎ᠠ