ᠰᠠᠷ᠎ᠠ ᠠ᠋- ᠳ · ᠨᠠᠴᠤᠭᠳᠣᠷᠵᠢСар аа-т · нацагдорж
ᠰᠠᠷ᠎ᠠ ᠠ᠋
ᠳ · ᠨᠠᠴᠤᠭᠳᠣᠷᠵᠢ
ᠬᠥᠭᠵᠢᠯᠲᠡᠢ ᠲᠤᠩᠭᠠᠯᠠᠭ ᠰᠠᠷ᠎ᠠ ᠠ᠋ !
ᠬᠥᠳᠡᠯᠬᠦ ᠶᠠᠪᠤᠬᠤ ᠡᠷᠬᠡ ᠴᠢᠯᠥᠭᠡ ᠴᠢᠨᠢ
ᠬᠡᠮᠵᠢᠶ᠎ᠡ ᠦᠭᠡᠢ
ᠬᠥᠨᠥᠭᠡᠯ ᠬᠢᠬᠠᠯ ᠴᠢᠮ᠎ᠠ ᠳ᠋ᠤᠷ ᠬᠦᠷᠭᠡᠬᠦ ᠬᠡᠨ ᠴᠦ᠍ ᠦᠭᠡᠢ
ᠬᠠᠤᠯᠢ ᠶᠣᠰᠣᠭᠠᠷ ᠴᠢᠮ᠎ᠠ ᠶ᠋ᠢ ᠵᠠᠬᠢᠷᠬᠤ ᠡᠲᠡᠭᠡᠳ ᠴᠦ᠍ ᠦᠭᠡᠢ
ᠬᠥᠮᠦᠨ ᠪᠦᠬᠦᠨ ᠴᠢᠨᠦ ᠭᠠᠶ᠋ᠢᠬᠠᠮᠰᠢᠬᠲᠠᠢ ᠶ᠋ᠢ ᠦᠵᠡᠭᠡᠳ
ᠠᠲᠠᠭᠠᠷᠬᠠᠨᠠ
ᠰᠠᠷᠠᠭᠤᠯ ᠰᠠᠢᠬᠠᠨ ᠰᠠᠷ᠎ᠠ ᠠ᠋ !
ᠰᠠᠪᠠ ᠶᠢᠷᠲᠢᠨᠴᠦ ᠶ᠋ᠢ ᠨᠠᠷᠠᠨ ᠭᠡᠶ᠋ᠢᠭᠦᠯᠵᠦ ᠴᠢᠯᠥᠭᠡᠯᠡᠮᠡᠭᠴᠡ ᠣᠷᠣᠨ ᠳ᠋ᠤ᠌ ᠨᠢ ᠴᠢ ᠮᠠᠨᠳᠤᠨ᠎ᠠ
ᠰᠦᠷ ᠲᠡᠢ ᠬᠦᠴᠦ ᠲᠡᠢ ᠭᠡᠷᠡᠯ ᠳ᠋ᠦ᠍ᠷ ᠴᠢᠨᠢ ᠰᠥᠨᠢ ᠶ᠋ᠢᠨ ᠬᠠᠷᠠᠩᠭᠤᠢ ᠳᠡᠶ᠋ᠢᠯᠦᠭᠳᠡᠨ᠎ᠡ
ᠰᠠᠴᠤᠷᠠᠭᠰᠠᠨ ᠥᠷᠭᠡᠨ ᠲᠤᠶᠠᠭᠠᠨ ᠳ᠋ᠤᠷ ᠴᠢᠨᠢ ᠬᠥᠮᠦᠨ ᠲᠥᠷᠥᠯᠬᠢᠲᠡᠨ
ᠮᠢᠩᠭᠠᠨ ᠮᠢᠩᠭᠠᠨ ᠲᠦᠮᠡᠨ ᠲᠦᠮᠡᠨ ᠪᠠᠶ᠋ᠢᠲᠠᠯ ᠢ᠋ᠶ᠋ᠠᠷ ᠦᠵᠡᠭᠲᠡᠨ᠎ᠡ
ᠬᠠᠭᠠᠭᠰᠠᠨ ᠰᠡᠳᠬᠢᠯ ᠦ᠋ᠨ ᠳᠣᠲᠣᠷ᠎ᠠ
ᠬᠦᠰᠡᠵᠦ ᠪᠦᠬᠦᠢ
ᠬᠠᠮᠤᠭ ᠶᠠᠭᠤᠮ᠎ᠠ ᠴᠢᠨᠦ ᠭᠡᠷᠡᠯ ᠦ᠋ᠨ ᠠᠳᠠᠯᠢ ᠥᠩᠭᠡ ᠲᠡᠢ ᠪᠣᠯᠵᠤ ᠪᠣᠯᠤᠮᠤ !
ᠬᠢᠵᠠᠭᠠᠷᠯᠠᠰᠢ ᠦᠭᠡᠢ ᠨᠠᠰᠤᠲᠤ ᠰᠠᠷ᠎ᠠ ᠠ᠋ !
ᠭᠠᠭᠴᠠ ᠬᠦ ᠠᠭᠤᠯᠠ ᠤᠰᠤ ᠴᠢᠨᠦ ᠡᠭᠡᠴᠢ ᠳᠡᠭᠦᠦ
ᠪᠣᠯᠬᠤ ᠪᠢᠵᠡ ᠠ᠋
ᠬᠠᠩᠭᠠᠢ ᠳᠡᠯᠡᠬᠡᠢ ᠬᠡᠪ ᠢ᠋ᠶ᠋ᠡᠷ ᠪᠠᠶ᠋ᠢᠲᠠᠯ᠎ᠠ ᠬᠥᠮᠦᠨ ᠦ᠌ ᠶᠠᠪᠤᠳᠠᠯ ᠲᠡᠦᠬᠡ ᠶᠡᠬᠡ ᠯᠡ ᠥᠭᠡᠷᠡᠴᠢᠯᠡᠭᠲᠡᠨᠡ ᠂
ᠬᠠᠰ ᠤ᠋ᠨ ᠰᠠᠢᠬᠠᠨ ᠰᠠᠷ᠎ᠠ ᠠ᠋ ᠂ ᠬᠠᠶ᠋ᠢᠷᠠᠯᠠᠨ ᠨᠠᠳᠠ ᠳ᠋ᠤᠷ ᠬᠡᠯᠡᠵᠦ ᠥᠭᠭᠥᠮᠦ !
ᠬᠠᠮᠤᠭ ᠠᠮᠢᠲᠠᠨ ᠤ᠋ ᠲᠡᠦᠬᠡ ᠬᠡᠴᠢᠨᠡᠭᠡᠨ ᠬᠤᠪᠢᠯᠤᠭᠰᠠᠭᠠᠷ ᠢᠷᠡᠭ᠍ᠰᠡᠨ ᠊ᠢ ᠲᠠ ᠮᠡᠳᠡᠨ᠎ᠡ ᠰᠢᠦ ᠳᠡ !
ᠮᠠᠭᠠᠳ ᠡᠷᠳᠡᠮᠲᠦ ᠰᠠᠷ᠎ᠠ ᠠ᠋ !
ᠮᠡᠷᠭᠡᠨ ᠲᠠᠨ ᠠ᠋ᠴᠠ ᠵᠢᠮ᠎ᠡ ᠶᠣᠰᠣ ᠶ᠋ᠢ ᠰᠣᠨᠣᠰᠬᠤ ᠶ᠋ᠢ ᠬᠦᠰᠡᠨ᠎ᠡ
ᠮᠠᠨᠳᠤᠬᠤ ᠪᠠᠭᠤᠷᠠᠬᠤ ᠶ᠋ᠢᠨ ᠵᠢᠷᠤᠮ ᠊ᠢ ᠲᠠᠨᠢᠵᠤ ᠮᠠᠲᠠᠭᠰᠠᠨ ᠦᠭᠡᠢ ᠬᠡᠮᠡᠨ᠎ᠡ ᠂
ᠮᠠᠨᠳᠤᠬᠤ ᠰᠠᠢᠬᠠᠨ ᠰᠠᠷ᠎ᠠ
ᠠ᠋ !
ᠮᠠᠨ ᠤ᠋ ᠣᠯᠠᠨ ᠲᠦᠮᠡᠨ ᠊ᠢ ᠢᠯᠭᠠᠯ ᠦᠭᠡᠢ ᠨᠢᠭᠡᠨ ᠠᠳᠠᠯᠢ ᠭᠡᠷᠡᠯᠲᠦᠭᠦᠯᠦᠮᠦ
ᠮᠠᠨ ᠤ᠋ ᠬᠥᠮᠦᠨ ᠲᠥᠷᠥᠯᠬᠢᠲᠡᠨ ᠦ᠌ ᠢᠷᠡᠭᠡᠳᠦᠢ ᠶ᠋ᠢᠨ ᠲᠡᠦᠬᠡᠨ ᠳ᠋ᠦ᠍ᠷ ᠭᠡᠷᠡᠯ ᠲᠡᠢ ᠵᠠᠮ ᠊ᠢ ᠵᠢᠭᠠᠵᠤ ᠥᠭᠭᠥᠮᠦ !
ᠦᠰᠦᠭ ᠠᠮᠢᠯᠠᠭᠤᠯᠤᠭᠴᠢ ᠄ ᠵᠢᠪᠬᠤᠯᠠᠩ
ᠬᠢᠨᠠᠭᠴᠢ ᠄ ᠣᠤᠠᠬᠠᠨᠰᠤ᠎ᠠ
