ᠪᠢ ᠤᠯᠠᠷᠢᠯ ᠤ᠋ᠨ ᠰᠠᠯᠬᠢᠨ- ᠠ ᠂ ᠦᠵᠦᠮ᠎ᠡБи улирлын салхин-а , үзм ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠤᠯᠠᠷᠢᠯ ᠤ᠋ᠨ ᠰᠠᠯᠬᠢᠨ- ᠠ ᠂ ᠦᠵᠦᠮ᠎ᠡБи улирлын салхин-а , үзм

ᠪᠢ ᠤᠯᠠᠷᠢᠯ ᠤ᠋ᠨ ᠰᠠᠯᠬᠢᠨ- ᠠ ᠂ ᠦᠵᠦᠮ᠎ᠡБи улирлын салхин-а , үзм

2023-04-18

315

ᠪᠢ ᠤᠯᠠᠷᠢᠯ ᠤ᠋ᠨ ᠰᠠᠯᠬᠢᠨ

       ᠠ ᠂ ᠦᠵᠦᠮ᠎ᠡ
ᠭᠠᠯᠪᠠ ᠶ᠋ᠢᠨ ᠥᠷᠥᠴᠡᠨ ᠳ᠋ᠦ᠍ ᠶᠣᠣᠯᠠᠬᠤ
   
ᠬᠥᠮᠦᠨ ᠴᠢᠯᠠᠭᠤᠳ ᠊ᠢ ᠦᠷᠦ ᠡᠪᠡᠳᠴᠦ
ᠭᠠᠵᠠᠷ ᠤ᠋ᠨ ᠬᠥᠷᠥᠰᠥᠨ ᠳ᠋ᠦ᠍ ᠵᠢᠷᠮᠦᠰᠦᠯᠡᠬᠦ
   
ᠬᠥᠬᠡ ᠬᠥᠪᠦᠷᠡᠯ ᠊ᠢ ᠪᠦᠪᠡᠶ᠋ᠢᠯᠡᠵᠦ
ᠭᠠᠭᠴᠠᠬᠠᠨ ᠣᠯᠳᠠᠬᠤ ᠠᠮᠢᠯᠠᠯ ᠤ᠋ᠨ
   
ᠣᠷᠣᠰᠢᠬᠤ ᠶ᠋ᠢᠨ ᠵᠦᠢ ᠶ᠋ᠢ ᠰᠢᠲᠦᠵᠦ
ᠦᠶ᠎ᠡ ᠦᠶᠡᠬᠡᠨ ᠤᠶᠠᠰᠴᠤ
   
ᠪᠦᠯᠢᠶᠡᠨ ᠠᠮᠢᠰᠬᠤᠯ ᠢ᠋ᠶ᠋ᠠᠷ ᠦᠯᠢᠶᠡᠬᠦ
ᠪᠢ ᠬᠠᠪᠤᠷ ᠤ᠋ᠨ ᠰᠠᠯᠬᠢᠨ

ᠡᠭᠦᠯᠡᠨ ᠬᠡ ᠲᠡᠢ ᠲᠡᠭᠷᠢ ᠶ᠋ᠢᠨ
    ᠥᠨᠳᠥᠷ ᠮᠠᠨᠳᠠᠯ ᠊ᠢ ᠰᠥᠷᠴᠦ
ᠡᠬᠡ ᠶ᠋ᠢᠨ ᠰᠦ ᠰᠢᠭ ᠢᠪᠢᠯᠬᠦ
   
ᠬᠤᠷ᠎ᠠ ᠶ᠋ᠢᠨ ᠤᠰᠤ ᠶ᠋ᠢ ᠬᠤᠷᠤᠶ᠋ᠢᠯᠠᠵᠤ
ᠡᠪ ᠦ᠋ᠨ ᠳᠤᠯᠠᠭᠠᠨ ᠬᠥᠷᠥᠰᠥ ᠶ᠋ᠢ
   
ᠠᠮᠢᠯᠠᠯ ᠤ᠋ᠨ ᠰᠢᠳᠢ ᠪᠡᠷ ᠪᠢᠯᠬᠠᠭᠤᠯᠵᠤ
ᠡᠩᠬᠡ ᠲᠠᠶ᠋ᠢᠪᠤᠩ ᠤ᠋ᠨ ᠡᠯᠴᠢ ᠶ᠋ᠢ
   
ᠦᠨᠡᠨ ᠦ᠌ ᠲᠠᠪᠴᠠᠩ  ᠳ᠋ᠤ᠌ ᠤᠷᠢᠵᠤ
ᠰᠠᠮ ᠰᠡᠮᠬᠡᠨ ᠰᠡᠪᠡᠯᠵᠡᠨ
    ᠥᠨᠢᠳᠡ ᠶ᠋ᠢᠨ ᠨᠢᠭᠡᠨ ᠵᠦᠭ ᠊ᠢ ᠴᠢᠭᠯᠡᠬᠦ
ᠪᠢ ᠵᠤᠨ ᠤ᠋ ᠰᠠᠯᠬᠢᠨ

ᠬᠢᠷᠠᠭᠤᠨ ᠳ᠋ᠤ᠌ ᠴᠠᠩᠲᠤᠭᠰᠠᠨ ᠠᠭᠤᠯᠠᠰ ᠤ᠋ᠨ
   
ᠪᠤᠭᠤᠷᠤᠯ ᠰᠠᠨᠴᠢᠭ ᠊ᠢ ᠰᠠᠮᠨᠠᠵᠤ
ᠨᠠᠭᠤᠷ ᠢ᠋ᠶ᠋ᠠᠨ ᠣᠷᠬᠢᠬᠤ ᠰᠢᠪᠠᠭᠤᠳ  ᠤ᠋ᠨ
   
ᠡᠮᠭᠡᠨᠢᠯ ᠦ᠋ᠨ ᠨᠢᠯᠪᠤᠰᠤ ᠶ᠋ᠢ ᠠᠷᠴᠢᠵᠤ
ᠢᠷᠡᠵᠦ ᠪᠤᠴᠠᠬᠤ ᠵᠢᠮ᠎ᠡ ᠶ᠋ᠢᠨ ᠬᠢᠨᠢ
   
ᠪᠠᠶᠠᠷ ᠭᠤᠨᠢᠭ ᠊ᠢ ᠴᠢᠪᠬᠠᠳᠠᠨ
ᠢᠩᠭᠡᠨ ᠴᠠᠭᠠᠨ ᠪᠣᠶ᠋ᠢᠯᠠᠭ᠎ᠠ ᠪᠠᠷ
   
ᠰᠡᠷᠢᠭᠦᠦ ᠲᠡᠳᠡᠨ ᠬᠣᠩᠭᠤᠷᠲᠠᠬᠤ
ᠪᠢ ᠨᠠᠮᠤᠷ ᠤ᠋ᠨ ᠰᠠᠯᠬᠢᠨ

ᠰᠠᠨᠰᠠᠷ ᠤ᠋ᠨ ᠬᠥᠨᠳᠡᠢ ᠡᠴᠡ ᠪᠤᠲᠠᠷᠠᠬᠤ
   
ᠴᠠᠰᠤᠨ ᠯᠠᠪᠰᠠ ᠶ᠋ᠢ ᠬᠥᠯᠭᠡᠯᠡᠵᠦ
ᠴᠠᠭ ᠬᠤᠭᠤᠴᠠᠭᠠᠨ ᠤ᠋ ᠬᠦᠷᠳᠦᠨ ᠳ᠋ᠦ᠍ ᠡᠯᠡᠭᠲᠡᠬᠦ
   
ᠭᠠᠵᠢᠭᠤ ᠪᠤᠷᠤᠭᠤ ᠶ᠋ᠢ ᠲᠤᠩᠬᠠᠭᠯᠠᠵᠤ
ᠢᠷᠣ᠎ᠠ ᠨᠢᠭᠦᠯ ᠦ᠋ᠨ ᠬᠢᠯᠢᠨᠴᠡ ᠨᠢᠳᠦ ᠶ᠋ᠢ
    ᠰᠣᠬᠣ ᠰᠢᠪᠬᠠᠷᠠᠨ ᠣᠷᠬᠢᠬᠤ
ᠭᠤᠷᠪᠠᠨ ᠶᠢᠰᠦ ᠶ᠋ᠢᠨ ᠬᠦᠢᠲᠡᠨ ᠵᠢᠪᠠᠷ ᠢ᠋ᠶ᠋ᠠᠷ
   
ᠭᠤᠷᠮᠤᠰᠤᠨ ᠬᠤᠶ᠋ᠢᠪᠢ ᠰᠢᠭ᠋ ᠡᠷᠴᠢᠯᠡᠬᠦ
ᠪᠢ ᠡᠪᠦᠯ ᠦ᠋ᠨ ᠰᠠᠯᠬᠢᠨ

   ᠦᠰᠦᠭ ᠠᠮᠢᠯᠠᠭᠤᠯᠤᠭᠴᠢ ᠨᠠᠷᠠᠨᠰᠤᠶᠤᠯ
   ᠬᠢᠨᠠᠭᠴᠢ ᠣᠳᠬᠠᠨᠰᠸ᠋᠎ᠠ
          2023.4.15