ᠷᠤᠯᠭᠠᠷᠮ᠎ᠠ- ᠬᠣᠷᠴᠢᠨ ᠠᠷᠠᠳ ᠤᠨ ᠳᠠᠭᠤᠤ- ᠰᠡᠷᠭᠦᠯᠡᠩ᠂ ᠬᠠᠢᠷᠠᠬᠠᠨРолгармаа-хорчин ардын дуу-сэргэлэн, хайрхан ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠷᠤᠯᠭᠠᠷᠮ᠎ᠠ- ᠬᠣᠷᠴᠢᠨ ᠠᠷᠠᠳ ᠤᠨ ᠳᠠᠭᠤᠤ- ᠰᠡᠷᠭᠦᠯᠡᠩ᠂ ᠬᠠᠢᠷᠠᠬᠠᠨРолгармаа-хорчин ардын дуу-сэргэлэн, хайрхан

ᠷᠤᠯᠭᠠᠷᠮ᠎ᠠ- ᠬᠣᠷᠴᠢᠨ ᠠᠷᠠᠳ ᠤᠨ ᠳᠠᠭᠤᠤ- ᠰᠡᠷᠭᠦᠯᠡᠩ᠂ ᠬᠠᠢᠷᠠᠬᠠᠨРолгармаа-хорчин ардын дуу-сэргэлэн, хайрхан

2023-04-18

2731

ᠷᠤᠯᠭᠠᠷᠮ᠎ᠠ

   ᠬᠣᠷᠴᠢᠨ ᠠᠷᠠᠳ ᠊ᠤᠨ ᠳᠠᠭᠤᠤ
ᠰᠡᠷᠭᠦᠯᠡᠩ᠂ ᠬᠠᠢᠷᠠᠬᠠᠨ  ᠳᠠᠭᠤᠯᠠᠨ᠎ᠠ
ᠠᠭᠲᠠ ᠬᠦᠯᠦᠭ ᠮᠣᠷᠢᠨ ᠤ᠋ ᠮᠢᠨᠢ
ᠠᠮᠠᠭᠠᠢ ᠨᠢ ᠰᠤᠯᠠᠷᠠᠵᠤ ᠠᠮᠵᠢᠭ᠎ᠠ ᠦᠭᠡᠢ ᠬᠥ ᠂
ᠠᠩᠭ᠎ᠠ ᠪᠠᠭ᠎ᠠ ᠷᠤᠯᠭᠠᠷᠮ᠎ᠠ ᠶ᠋ᠢᠨ
ᠠᠷᠤ ᠶ᠋ᠢᠨ ᠦᠰᠦ ᠶ᠋ᠢ ᠨᠢ ᠬᠠᠭᠠᠯᠤᠭ᠎ᠠ ᠦᠭᠡᠢ ᠬᠥ ᠃
ᠦᠷᠢᠶ᠎ᠡ ᠬᠦᠯᠦᠭ ᠮᠣᠷᠢᠨ ᠤ᠋ ᠮᠢᠨᠢ
ᠡᠮᠡᠭᠡᠯ ᠊ᠢ ᠨᠢ ᠠᠪᠴᠤ ᠠᠮᠵᠢᠭ᠎ᠠ ᠦᠭᠡᠢ ᠬᠥ
ᠡᠭᠦᠷᠦᠭᠰᠡᠨ ᠰᠠᠭᠠᠳᠠᠭ ᠨᠤᠮᠤ ᠶ᠋ᠢ ᠪᠡᠨ
ᠲᠠᠶ᠋ᠢᠯᠬᠤ ᠶ᠋ᠢᠨ ᠴᠢᠯᠥᠭᠡ ᠴᠦ᠍ ᠭᠠᠷᠤᠭ᠎ᠠ ᠦᠭᠡᠢ ᠬᠥ
ᠠᠯᠲᠠᠨ ᠴᠤ᠌ ᠬᠤᠨᠳᠠᠭᠠᠨ ᠳ᠋ᠠᠭᠠᠨ
ᠠᠷᠠᠵᠠ ᠶᠤᠭᠠᠨ ᠨᠡᠷᠡᠵᠡᠢ ᠬᠥ
ᠠᠪᠤ ᠲᠠᠨ ᠳ᠋ᠠᠭᠠᠨ ᠪᠠᠷᠢᠭᠠᠳ
ᠰᠥᠭᠥᠳᠦᠨ ᠰᠠᠭᠤᠨ᠎ᠠ ᠪᠡᠶ᠎ᠡ ᠮᠢᠨᠢ ᠬᠥ
ᠠᠯᠤᠰ ᠤ᠋ᠨ ᠬᠣᠯᠠ ᠶ᠋ᠢᠨ ᠪᠠᠶ᠋ᠢᠯᠲᠤᠭᠠᠨ ᠳ᠋ᠤ᠌
ᠶᠠᠪᠤᠬᠤ ᠪᠣᠯᠤᠭᠰᠠᠨ ᠲᠤᠯᠠᠳᠠ ᠪᠠᠨ ᠬᠥ ᠂
ᠠᠷᠢᠭᠤᠨ ᠰᠠᠢᠬᠠᠨ ᠢᠷᠦᠭᠡᠯ ᠊ᠢ ᠨᠢ
ᠭᠤᠶᠤᠵᠤ ᠪᠠᠶ᠋ᠢᠨ᠎ᠠ ᠪᠡᠶ᠎ᠡ ᠮᠢᠨᠢ ᠬᠥ ᠃
ᠮᠥᠩᠭᠥᠨ ᠴᠦ᠍ ᠬᠤᠨᠳᠠᠭᠠᠨ ᠳ᠋ᠠᠭᠠᠨ
ᠮᠦᠷᠡᠵᠡ ᠶᠦ᠍ᠭᠡᠨ ᠨᠡᠷᠡᠵᠡᠢ ᠬᠥ ᠂
ᠮᠥᠮᠥ ᠲᠠᠨ ᠳ᠋ᠠᠭᠠᠨ ᠪᠠᠷᠢᠭᠠᠳ
ᠰᠥᠭᠥᠳᠦᠨ ᠰᠠᠭᠤᠨ᠎ᠠ ᠪᠡᠶ᠎ᠡ ᠮᠢᠨᠢ ᠬᠥ ᠃
ᠮᠦᠭᠲᠡᠨ ᠬᠣᠲᠠ ᠶ᠋ᠢᠨ ᠪᠠᠶ᠋ᠢᠯᠲᠤᠭᠠᠨ ᠳ᠋ᠤ᠌
ᠮᠣᠷᠳᠠᠬᠤ ᠪᠣᠯᠤᠭᠰᠠᠨ ᠲᠤᠯᠠᠳᠠ ᠪᠠᠨ ᠬᠥ ᠂
ᠮᠥᠩᠬᠡ ᠶ᠋ᠢᠨ ᠰᠠᠢᠬᠠᠨ ᠢᠷᠦᠭᠡᠯ ᠊ᠢ ᠨᠢ
ᠭᠤᠶᠤᠵᠤ ᠪᠠᠶ᠋ᠢᠨ᠎ᠠ ᠪᠡᠶ᠎ᠡ ᠮᠢᠨᠢ ᠬᠥ ᠃
ᠡᠭᠦᠳᠡ ᠬᠠᠶᠠᠭ᠎ᠠ ᠥᠨᠳᠥᠷ ᠦᠭᠡᠢ ᠭᠡᠳ
ᠦᠰᠦᠷᠦᠨ ᠭᠠᠷᠴᠤ ᠪᠣᠯᠤᠨ᠎ᠠ ‍ᠤᠤ ᠳᠠ ᠬᠥ ᠂
ᠦᠳᠡᠯᠦᠭᠡ ᠪᠣᠯᠤᠭᠰᠠᠨ ᠠᠪᠤ ᠡᠵᠢ ᠶ᠋ᠢᠨ
ᠦᠭᠡ ᠶ᠋ᠢ ᠨᠢ ᠰᠣᠨᠣᠰᠴᠤ ᠶᠠᠪᠤᠭᠠᠷᠠᠢ ᠬᠥ ᠃
ᠬᠠᠶᠠᠭ᠎ᠠ ᠡᠭᠦᠳᠡ ᠥᠨᠳᠥᠷ ᠦᠭᠡᠢ ᠭᠡᠳ
ᠬᠠᠷᠠᠶ᠋ᠢᠨ ᠭᠠᠷᠴᠤ ᠪᠣᠯᠤᠨ᠎ᠠ ‍ᠤᠤ ᠳᠠ ᠬᠥ ᠂
ᠬᠠᠳᠠᠮ ᠠᠪᠤ᠋ ᠡᠵᠢ ᠶ᠋ᠢᠨ ᠢ᠋ᠶ᠋ᠡᠨ
ᠦᠭᠡ ᠶ᠋ᠢ ᠨᠢ ᠰᠣᠨᠣᠰᠴᠤ ᠶᠠᠪᠤᠭᠠᠷᠠᠢ ᠬᠥ ᠃
ᠵᠠᠭᠠᠮ᠎ᠠ ᠪᠣᠯᠤᠨ ᠬᠣᠭᠣᠯᠠᠶ᠋ᠢᠪᠴᠢ ᠶ᠋ᠢᠨ ᠢ᠋ᠶ᠋ᠡᠨ
ᠲᠣᠪᠴᠢ ᠶᠠᠭᠤ ᠶ᠋ᠢ ᠨᠢ ᠲᠠᠶ᠋ᠢᠯᠤᠭᠰᠠᠨ ᠦᠭᠡᠢ ᠬᠥ ᠂
ᠵᠠᠩ ᠪᠣᠯᠤᠨ ᠰᠡᠳᠬᠢᠯ ᠢ᠋ᠶ᠋ᠡᠨ
ᠣᠯᠤᠭᠰᠠᠨ ᠦᠭᠡᠢ ᠭᠡᠵᠦ ᠪᠤᠤ ᠵᠣᠪᠠ ᠳᠠ ᠬᠥ ᠃
ᠡᠩᠭᠡᠷ ᠪᠣᠯᠤᠨ ᠵᠠᠭᠠᠮ᠎ᠠ ᠶ᠋ᠢᠨ ᠢ᠋ᠶ᠋ᠡᠨ
ᠲᠣᠪᠴᠢ ᠶᠠᠭᠤ ᠶ᠋ᠢ ᠨᠢ ᠲᠠᠶ᠋ᠢᠯᠤᠭᠰᠠᠨ ᠦᠭᠡᠢ ᠬᠥ ᠂
ᠡᠯᠢᠭᠡ ᠵᠢᠷᠦᠬᠡᠨ ᠦ᠌ ᠬᠡᠳᠦᠨ ᠦᠭᠡ ᠪᠡᠨ
ᠰᠣᠯᠢᠭᠰᠠᠨ ᠦᠭᠡᠢ ᠭᠡᠵᠦ ᠪᠤᠤ ᠵᠣᠪᠠ ᠳᠠ ᠬᠥ ᠃
ᠪᠣᠷᠣ ᠪᠥᠰ ᠦ᠋ᠨ ᠴᠠᠮᠴᠠ ᠶ᠋ᠢᠨ ᠴᠢᠨᠢ
ᠪᠣᠳᠣᠭ ᠊ᠢ ᠨᠢ ᠭᠠᠷᠲᠠᠯ᠎ᠠ ᠡᠮᠦᠰᠦᠶ᠎ᠡ ᠬᠥ ᠂
ᠪᠣᠰᠤᠯᠭ᠎ᠠ ᠳᠠᠷᠤᠬᠤ ᠪᠠᠷ ᠮᠣᠷᠳᠠᠭᠰᠠᠨ ᠴᠢᠮᠠᠢ᠍ᠢ ᠪᠠᠨ
ᠪᠤᠭᠤᠷᠤᠯ ᠪᠣᠯᠲᠠᠯ᠎ᠠ ᠬᠦᠯᠢᠶᠡᠶ᠎ᠡ ᠬᠥ ᠃
ᠬᠥᠬᠡ ᠪᠥᠰ ᠦ᠋ᠨ ᠴᠠᠮᠴᠠ ᠶ᠋ᠢᠨ ᠴᠢᠨᠢ
ᠪᠣᠳᠣᠭ ᠊ᠢ ᠨᠢ ᠪᠠᠷᠠᠲᠠᠯ᠎ᠠ ᠡᠮᠦᠰᠦᠶ᠎ᠡ ᠬᠥ ᠂
ᠬᠥᠮᠦᠨ ᠦ᠌ ᠴᠡᠷᠢᠭ ᠲᠦ᠍ ᠶᠠᠪᠤᠭᠰᠠᠨ ᠴᠢᠮᠠᠶ᠋ᠢ ᠪᠠᠨ
ᠬᠥᠭᠰᠢᠨ ᠪᠣᠯᠲᠠᠯ᠎ᠠ ᠬᠦᠯᠢᠶᠡᠶ᠎ᠡ ᠬᠥ ᠃
ᠣᠷᠭᠣᠨᠠᠷᠠᠨ ᠦᠬᠦᠨ᠎ᠡ ᠭᠡᠳᠡᠭ ᠴᠢᠨᠢ
ᠤᠰᠤ ᠮᠠᠭᠤ ᠶ᠋ᠢᠨ ᠴᠦ᠍ ᠶᠦ᠍ᠮ ‍ᠦᠦ ᠳᠡ ᠬᠥ ᠂
ᠤᠴᠠᠷᠠᠨᠠᠷᠠᠨ ᠰᠠᠯᠤᠨ᠎ᠠ ᠭᠡᠳᠡᠭ ᠴᠢᠨᠢ
ᠵᠠᠶᠠᠭ᠎ᠠ ᠮᠠᠭᠤ ᠶ᠋ᠢᠨ ᠴᠦ᠍ ᠶᠦ᠍ᠮ ‍ᠦᠦ ᠳᠡ ᠬᠥ ᠃
ᠭᠠᠷᠤᠨᠠᠷᠠᠨ ᠭᠠᠩᠳᠠᠨ᠎ᠠ ᠭᠡᠳᠡᠭ ᠴᠢᠨᠢ
ᠭᠠᠵᠠᠷ ᠮᠠᠭᠤ ᠶ᠋ᠢᠨ ᠴᠦ᠍ ᠶᠦ᠍ᠮ ‍ᠦᠦ ᠳᠡ ᠬᠥ ᠂
ᠭᠠᠯ ᠳ᠋ᠠᠭᠠᠨ ᠮᠥᠷᠭᠥᠨᠡᠷᠡᠨ ᠰᠠᠯᠤᠨ᠎ᠠ ᠭᠡᠳᠡᠭ ᠴᠢᠨᠢ
ᠵᠠᠶᠠᠭ᠎ᠠ ᠮᠠᠭᠤ ᠶ᠋ᠢᠨ ᠴᠦ᠍ ᠶᠦ᠍ᠮ ‍ᠦᠦ ᠳᠡ ᠬᠥ ᠃

   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠰᠡᠬᠡᠭᠡᠷᠡᠯ᠂ ᠪᠠᠶᠠᠷᠴᠡᠴᠡᠭ