ᠲᠠᠯ᠎ᠠ ᠶᠢᠨ ᠮᠣᠩᠭᠣᠯ ᠠᠢᠯТалын монгол айл
ᠲᠠᠯ᠎ᠠ ᠶᠢᠨ ᠮᠣᠩᠭᠣᠯ ᠠᠢᠯ
ᠥᠪᠥᠷ ᠮᠤᠩᠭ᠋ᠤᠯ ᠤ᠋ᠨ ᠪᠠᠭᠠᠴᠤᠳ ᠤ᠋ᠨ ᠳᠠᠭᠤᠨ ᠤ᠋ ᠪᠦᠯᠬᠦᠮ
ᠪᠣᠲᠣᠭᠣ ᠨᠢ ᠭᠣᠩᠭᠣᠨᠢᠬᠤ ᠰᠦᠷᠦᠭ ᠦ᠋ᠨ ᠳᠡᠷᠭᠡᠳᠡᠡᠴᠡ
ᠭᠡᠭᠡ ᠲᠡᠳᠡᠨ ᠨᠠᠷᠠᠨ ᠤᠷᠭᠤᠨ᠎ᠠ
ᠳᠠᠭᠠᠨ᠎ᠠ ᠶ᠋ᠢᠨ ᠠᠮᠲᠠᠲᠤ ᠴᠠᠢ ᠪᠠᠨ ᠳᠡᠭᠡᠵᠢᠯᠡᠭᠡᠳ
ᠲᠠᠯ᠎ᠠ ᠶ᠋ᠢᠨ ᠮᠣᠩᠭᠣᠯ ᠠᠢᠯ ᠨᠢ ᠥᠷᠯᠥᠭᠡ ᠶᠢ ᠤᠭᠲᠤᠨ᠎ᠠ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠨᠢ ᠲᠠᠢᠪᠤᠩ ᠠᠮᠤᠭᠤᠯᠠᠩ
《ᠠ ᠠ ᠠ 》
ᠢᠨᠵᠠᠭ᠎ᠠ ᠨᠢ ᠨᠥᠢᠷᠮᠤᠭᠯᠬᠤ ᠦᠳᠡ ᠶ᠋ᠢᠨ ᠬᠠᠯᠠᠭᠤᠨ ᠢ᠋ᠶ᠋ᠠᠷ
ᠡᠭᠡᠵᠡᠭᠡᠢ ᠰᠢᠷᠭᠢᠭᠡᠵᠦ ᠬᠦᠦ ᠪᠡᠨ ᠬᠦᠯᠢᠶᠡᠨ᠎ᠡ
ᠠᠭᠠᠷᠤᠤᠯ ᠰᠡᠪᠡᠷᠡᠭᠡᠵᠦ ᠠᠴᠢ ᠳ᠋ᠠᠭᠠᠨ ᠥᠭᠭᠦᠭᠡᠳ
ᠠᠯᠤᠰ ᠤ᠋ᠨ ᠠᠭᠤᠯᠠᠨ ᠳ᠋ᠠᠭᠠᠨ ᠰᠠᠴᠤᠯᠢ ᠪᠠᠨ ᠡᠷᠭᠦᠨ᠎ᠡ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠨᠢ ᠲᠠᠢᠪᠤᠩ ᠠᠮᠤᠭᠤᠯᠠᠩ
《 ᠠ ᠠ ᠠ 》
ᠰᠠᠷᠠᠨ ᠨᠢ ᠬᠣᠨᠣᠭᠯᠠᠬᠤ ᠨᠤᠲᠤᠭ ᠤ᠋ᠨ ᠬᠣᠢᠮᠣᠷ ᠡᠴᠡ
ᠪᠤᠶᠠᠨᠲᠤ ᠰᠦᠷᠦᠭ ᠢᠳᠡᠰᠢᠯᠡᠨ ᠬᠣᠲᠠᠯᠠᠨ᠎ᠠ
ᠰᠥᠨᠢ ᠶ᠋ᠢᠨ ᠣᠳᠣ ᠲᠠᠢ ᠬᠠᠨᠢᠰᠠᠨ ᠰᠢᠪᠡᠭᠡᠨᠡᠭᠡᠳ
ᠰᠢᠷᠢᠩᠭᠢ ᠶ᠋ᠢᠨ ᠵᠥᠭᠡᠯᠡᠨ ᠳ᠋ᠦ᠍ ᠮᠣᠷᠢ ᠪᠠᠨ ᠠᠷᠭᠠᠮᠵᠢᠨ᠎ᠠ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠨᠢ ᠲᠠᠢᠪᠤᠩ ᠠᠮᠤᠭᠤᠯᠠᠩ
ᠵᠡᠭᠡᠷ᠎ᠡ ᠬᠤᠯᠠᠨ ᠴᠤ᠌ ᠦᠷᠭᠦᠮ᠎ᠡ ᠦᠭᠡᠢ ᠠᠨᠢᠷ ᠦᠭᠡᠢ ᠶ᠋ᠢᠨ ᠳᠤᠮᠳᠠ
ᠲᠠᠯ᠎ᠠ ᠶ᠋ᠢᠨ ᠮᠣᠩᠭᠣᠯ ᠠᠢᠯ ᠨᠢ ᠲᠠᠢᠪᠤᠩ ᠠᠮᠤᠭᠤᠯᠠᠩ
ᠠ ᠠ ᠠ
ᠦᠰᠦᠭ ᠠᠮᠢᠯᠠᠭᠤᠯᠤᠭᠰᠠᠨ ᠄ ᠲᠣᠳᠣᠭᠡᠷᠡᠯ
ᠦᠰᠦᠭ ᠬᠠᠲᠠᠭᠴᠢ ᠄ ᠲᠣᠳᠣᠭᠡᠷᠡᠯ
ᠬᠢᠨᠠᠭᠴᠢ ᠄ ᠣᠳᠬᠠᠨᠰᠣ᠎ᠠ
2023/4/15
