ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ01-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ01-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ01-ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷМонгол ухааны эрихэн хэлхээ-чулуунбаатрын эрдэнэбаатар

2023-04-18

306

ᠮᠣᠩᠭᠣᠯ ᠤᠬᠠᠭᠠᠨ ᠤ᠋ ᠡᠷᠢᠬᠡᠨ ᠬᠡᠯᠬᠢᠶ᠎ᠡ01 

  ᠵᠣᠬᠢᠶᠠᠭᠴᠢ ᠄ ᠴᠢᠯᠠᠭᠤᠨᠪᠠᠭᠠᠲᠤᠷ ᠤ᠋ᠨ ᠡᠷᠳᠡᠨᠢᠪᠠᠭᠠᠲᠤᠷ᠃


ᠬᠠᠭᠠᠯᠭ᠎ᠠ ᠠᠯᠳᠠᠯᠠᠵᠤ ᠵᠣᠭᠰᠣᠳᠠᠭ ᠦᠭᠡᠢ

ᠬᠠᠷ᠎ᠠ ᠤᠰᠤ ᠰᠠᠮᠤᠷᠳᠠᠭ ᠦᠭᠡᠢ

ᠬᠠᠶ᠋ᠢᠴᠢ ᠠᠩᠭᠠᠶ᠋ᠢᠯᠭᠠᠵᠤ ᠲᠠᠯᠪᠢᠳᠠᠭ ᠦᠭᠡᠢ

ᠬᠠᠶ᠋ᠢᠯᠭᠠᠨ ᠮᠣᠩᠭᠣᠯ ᠤᠬᠠᠭᠠᠨ᠃


ᠰᠠᠪᠠ ᠬᠣᠭᠣᠰᠣᠨ ᠪᠤᠴᠠᠭᠠᠳᠠᠭ ᠦᠭᠡᠢ

ᠰᠠᠨᠠᠭᠰᠠᠨ ᠢ᠋ᠶ᠋ᠠᠨ ᠪᠡᠶᠡᠯᠡᠭᠰᠡᠨ ᠳ᠋ᠦ᠍ ᠲᠣᠭᠠᠴᠠᠳᠠᠭ ᠦᠭᠡᠢ

ᠰᠠᠷ᠎ᠠ ᠡᠳᠦᠷ ᠊ᠢ ᠲᠣᠪᠯᠠᠳᠠᠭ ᠦᠭᠡᠢ

ᠰᠠᠷᠠᠭᠤᠯ ᠮᠣᠩᠭᠣᠯ ᠤᠬᠠᠭᠠᠨ᠃


ᠤᠷᠭ᠎ᠠ ᠳᠡᠭᠡᠭᠦᠷ ᠠᠯᠬᠤᠳᠠᠭ ᠦᠭᠡᠢ

ᠤᠰᠤᠨ ᠳ᠋ᠤ᠌ ᠠᠮᠠ ᠭᠠᠷᠳᠠᠭ ᠦᠭᠡᠢ

ᠤᠲᠠᠰᠤ ᠵᠠᠩᠭᠢᠳᠴᠤ ᠥᠭᠳᠡᠭ ᠦᠭᠡᠢ

ᠠᠭᠤᠵᠢᠮ ᠮᠣᠩᠭᠣᠯ ᠤᠬᠠᠭᠠᠨ᠃


ᠰᠤᠪᠤᠷᠭᠠᠨ ᠤ᠋ ᠰᠡᠭᠦᠳᠡᠷ ᠭᠢᠰᠬᠢᠳᠡᠭ ᠦᠭᠡᠢ

ᠰᠠᠭᠤᠬᠤ ᠳ᠋ᠤ᠌ ᠪᠠᠨ ᠲᠠᠰᠢᠭᠤᠷ ᠲᠤᠯᠳᠠᠭ ᠦᠭᠡᠢ

ᠰᠤᠨᠢᠶᠠᠬᠤ ᠳ᠋ᠤ᠌ ᠪᠠᠨ ᠰᠤᠭᠤ ᠪᠠᠨ ᠲᠡᠨᠢᠢᠯᠭᠡᠳᠡᠭ ᠦᠭᠡᠢ

ᠰᠤᠤᠲᠤ ᠮᠣᠩᠭᠣᠯ ᠤᠬᠠᠭᠠᠨ᠃


ᠵᠥᠭᠡᠬᠡᠢ ᠰᠦ ᠪᠡᠨ ᠳᠡᠭᠡᠵᠢᠯᠡᠳᠡᠭ

ᠵᠦᠩ ᠪᠢᠯᠢᠭ ᠲᠦ᠍ ᠢᠲᠡᠭᠡᠳᠡᠭ

ᠵᠥᠪ ᠡᠷᠭᠢᠵᠦ ᠲᠣᠭᠣᠷᠢᠳᠠᠭ

ᠵᠥᠭᠡᠯᠡᠨ ᠮᠣᠩᠭᠣᠯ ᠤᠬᠠᠭᠠᠨ᠃


ᠭᠠᠵᠠᠷ ᠬᠥᠨᠳᠡᠬᠦ ᠳ᠋ᠦ᠍ ᠪᠡᠨ ᠠᠷᠭᠠᠳᠠᠳᠠᠭ

ᠭᠠᠯ ᠭᠣᠯᠣᠮᠲᠠ ᠪᠠᠨ ᠳᠠᠬᠢᠳᠠᠭ

ᠭᠠᠷ ᠥᠭᠴᠦ ᠵᠣᠯᠭᠠᠳᠠᠭ

ᠭᠠᠶ᠋ᠢᠬᠠᠮ᠎ᠠ ᠮᠣᠩᠭᠣᠯ ᠤᠬᠠᠭᠠᠨ᠃


ᠨᠠᠶ᠋ᠢᠷ ᠬᠢᠪᠡᠰᠦ ᠢᠷᠦᠭᠡᠳᠡᠭ

ᠨᠠᠭᠠᠳᠤᠮ ᠪᠣᠯᠪᠠᠯ ᠣᠷᠣᠯᠳᠣᠳᠠᠭ

ᠨᠠᠰᠤ ᠠᠬᠢᠪᠠᠰᠤ ᠲᠣᠮᠣᠭᠠᠵᠢᠳᠠᠭ

ᠨᠠᠨᠳᠢᠨ ᠮᠣᠩᠭᠣᠯ ᠤᠬᠠᠭᠠᠨ᠃


ᠴᠢᠮᠠᠯᠠᠪᠠᠰᠤ ᠨᠡᠮᠡᠵᠦ ᠥᠭᠳᠡᠭ

ᠴᠢᠰ ᠭᠠᠷᠠᠭ ᠢ᠋ᠶ᠋ᠠᠨ ᠳᠣᠮᠨᠣᠳᠠᠭ

ᠴᠢᠭᠲᠠᠭ᠎ᠠ ᠭᠣᠯᠣᠮᠲᠠ ᠪᠠᠨ ᠥᠪᠯᠡᠭᠦᠯᠳᠡᠭ

ᠴᠢᠳᠠᠯᠲᠠᠢ ᠮᠣᠩᠭᠣᠯ ᠤᠬᠠᠭᠠᠨ᠃


ᠠᠪᠤ ᠶ᠋ᠢᠨ ᠢ᠋ᠶ᠋ᠡᠨ ᠳᠡᠷᠭᠡᠳᠡ ᠵᠠᠪᠢᠯᠠᠳᠠᠭ ᠦᠭᠡᠢ

ᠠᠬᠠᠮᠠᠳ ᠤ᠋ᠨ ᠲᠦᠷᠦᠭᠦᠨ ᠳ᠋ᠦ᠍ ᠳᠤᠤᠭᠠᠷᠳᠠᠭ ᠦᠭᠡᠢ

ᠠᠬ᠎ᠠ ᠶ᠋ᠢᠨ ᠢ᠋ᠶ᠋ᠡᠨ ᠳᠡᠭᠡᠭᠦᠷ ᠵᠣᠯᠭᠠᠳᠠᠭ ᠦᠭᠡᠢ

ᠠᠴᠢᠯᠠᠯᠲᠤ ᠮᠣᠩᠭᠣᠯ ᠤᠬᠠᠭᠠᠨ᠃


ᠪᠣᠱᠣᠭ᠎ᠠ ᠭᠢᠰᠬᠢᠵᠦ ᠭᠠᠷᠳᠠᠭ ᠦᠭᠡᠢ

ᠪᠣᠯᠵᠣᠵᠤ ᠪᠠᠰᠤᠵᠤ ᠶᠠᠷᠢᠳᠠᠭ ᠦᠭᠡᠢ

ᠪᠣᠯᠤᠭᠰᠠᠨ ᠢᠳᠡᠭᠡᠨ ᠡᠴᠡ ᠵᠠᠶ᠋ᠢᠯᠠᠳᠠᠭ ᠦᠭᠡᠢ

ᠪᠤᠳᠤᠯᠲᠠᠢ ᠮᠣᠩᠭᠣᠯ ᠤᠬᠠᠭᠠᠨ᠃


ᠪᠤᠷᠬᠠᠨ ᠢ᠋ᠶ᠋ᠠᠨ ᠳᠣᠣᠷ᠎ᠠ ᠳᠠᠬᠢᠳᠠᠭ ᠦᠭᠡᠢ

ᠪᠤᠯᠠᠭ ᠤ᠋ᠨ ᠡᠬᠢᠨ ᠳ᠋ᠦ᠍ ᠨᠤᠲᠤᠭᠯᠠᠳᠠᠭ ᠦᠭᠡᠢ

ᠪᠠᠭᠤᠷᠢ ᠪᠠᠨ ᠬᠣᠭ ᠲᠠᠢ ᠣᠷᠬᠢᠳᠠᠭ ᠦᠭᠡᠢ

ᠪᠤᠶᠠᠨᠲᠠᠢ ᠮᠣᠩᠭᠣᠯ ᠤᠬᠠᠭᠠᠨ᠃


ᠰᠦᠨ ᠳ᠋ᠦ᠍ ᠬᠤᠷᠤᠭᠤ ᠲᠥᠷᠥᠳᠡᠭ ᠦᠭᠡᠢ

ᠰᠦᠷᠦᠭ ᠠᠯᠳᠠᠷᠠᠪᠠᠯ ᠪᠠᠷᠢᠳᠠᠭ ᠦᠭᠡᠢ

ᠰᠡᠭᠦᠵᠢᠨ ᠦ᠌ ᠶᠠᠰᠤ ᠬᠣᠨᠣᠭᠤᠯᠳᠠᠭ ᠦᠭᠡᠢ

ᠰᠦᠰᠦᠭᠲᠡᠢ ᠮᠣᠩᠭᠣᠯ ᠤᠬᠠᠭᠠᠨ᠃


ᠣᠪᠣᠭᠠᠨ ᠳ᠋ᠤ᠌ ᠴᠢᠯᠠᠭᠤ ᠨᠡᠮᠡᠳᠡᠭ

ᠣᠯᠵᠠ ᠳᠠᠭᠠᠷᠠᠪᠠᠰᠤ ᠬᠤᠪᠢᠶᠠᠯᠴᠠᠳᠠᠭ

ᠣᠶᠣᠵᠤ ᠰᠢᠷᠢᠵᠦ ᠤᠷᠠᠯᠠᠳᠠᠭ

ᠣᠶᠤᠨᠯᠢᠭ ᠮᠣᠩᠭᠣᠯ ᠤᠬᠠᠭᠠᠨ᠃


ᠰᠢᠳᠡᠵᠦ ᠥᠭᠬᠦ ᠶ᠋ᠢ ᠴᠡᠭᠡᠷᠯᠡᠳᠡᠭ

ᠰᠢᠪᠡᠨᠡᠭᠡ ᠦᠭᠡ ᠶ᠋ᠢ ᠴᠠᠭᠠᠷᠠᠭᠤᠯᠳᠠᠭ

ᠰᠢᠷᠢ ᠪᠡᠷ ᠴᠠᠯᠮ᠎ᠠ ᠬᠢᠳᠡᠭ 

ᠰᠢᠷᠭᠢᠰᠢ ᠦᠭᠡᠢ ᠮᠣᠩᠭᠣᠯ ᠤᠬᠠᠭᠠᠨ᠃


ᠴᠣᠭᠣᠷ ᠤ᠋ᠨ ᠠᠶᠠᠯᠭᠤ ᠶ᠋ᠢ ᠥᠪᠯᠡᠭᠦᠯᠳᠡᠭ

ᠴᠣᠯᠠ ᠴᠢᠮᠡᠭ ᠵᠡᠭᠦᠯᠭᠡᠳᠡᠭ 

ᠴᠣᠣᠵᠢ ᠰᠡᠷᠪᠡᠭᠡ ᠶ᠋ᠢ ᠤᠷᠠᠯᠠᠳᠠᠭ

ᠴᠣᠭᠴᠠᠯᠠᠬᠤ ᠮᠣᠩᠭᠣᠯ ᠤᠬᠠᠭᠠᠨ᠃


ᠤᠤᠵᠢ ᠡᠮᠦᠰᠬᠡᠯ ᠢ᠋ᠶ᠋ᠡᠨ ᠡᠰᠬᠡᠳᠡᠭ

ᠣᠭᠣᠷ ᠲᠤ᠌ ᠴᠠᠢ ᠪᠠᠨ ᠨᠦᠳᠦᠳᠡᠭ

ᠤᠷᠭ᠎ᠠ ᠶ᠋ᠢᠨ ᠮᠣᠳᠣ ᠪᠠᠨ ᠲᠠᠩᠨᠠᠶ᠋ᠢᠲᠠᠲᠠᠭ

ᠤᠯᠠ ᠲᠠᠢ ᠮᠣᠩᠭᠣᠯ ᠤᠬᠠᠭᠠᠨ᠃


ᠬᠠᠪᠤᠷ ᠱᠠᠭ᠎ᠠ ᠨᠠᠭᠠᠳᠳᠠᠭ ᠦᠭᠡᠢ

ᠬᠠᠵᠠᠭᠠᠷ ᠡᠭᠡᠯᠳᠦᠷᠭᠡᠯᠡᠵᠦ ᠵᠡᠭᠦᠳᠡᠭ ᠦᠭᠡᠢ

ᠬᠠᠵᠠᠭᠠᠢ ᠰᠠᠭᠤᠵᠤ ᠪᠣᠯᠳᠠᠭ ᠦᠭᠡᠢ

ᠬᠠᠲᠠᠭᠤ ᠮᠣᠩᠭᠣᠯ ᠤᠬᠠᠭᠠᠨ᠃


ᠰᠢᠨᠠ ᠲᠤᠯᠵᠤ ᠰᠠᠭᠤᠳᠠᠭ ᠦᠭᠡᠢ

ᠰᠢᠪᠬᠠᠷᠤᠤ ᠬᠥᠮᠦᠨ ᠳ᠋ᠦ᠍ ᠥᠭᠳᠡᠭ ᠦᠭᠡᠢ

ᠰᠢᠨᠠᠭ᠎ᠠ ᠤᠭᠰᠠᠷᠠᠭ᠎ᠠ ᠲᠠᠢ ᠣᠷᠬᠢᠳᠠᠭ ᠦᠭᠡᠢ

ᠰᠢᠪᠬᠠᠭᠳᠠᠰᠢ ᠦᠭᠡᠢ ᠮᠣᠩᠭᠣᠯ ᠤᠬᠠᠭᠠᠨ᠃


ᠦᠳᠡ ᠶ᠋ᠢᠨ ᠨᠠᠷᠠ ᠶ᠋ᠢ ᠭᠣᠣᠯᠯᠠᠳᠠᠭ ᠦᠭᠡᠢ

ᠡᠭᠦᠳᠡ ᠪᠡᠷ ᠱᠠᠭᠠᠶ᠋ᠢᠵᠤ ᠬᠠᠷᠠᠳᠠᠭ ᠦᠭᠡᠢ 

ᠦᠳᠡᠰᠢ ᠪᠡᠷ ᠬᠣᠭ ᠢ᠋ᠶ᠋ᠠᠨ ᠭᠠᠷᠭᠠᠳᠠᠭ ᠦᠭᠡᠢ

ᠦᠨᠡᠨ ᠮᠣᠩᠭᠣᠯ ᠤᠬᠠᠭᠠᠨ᠃


ᠭᠡᠷ ᠳᠣᠲᠣᠷ᠎ᠠ ᠪᠠᠨ ᠢᠰᠬᠡᠷᠳᠡᠭ ᠦᠭᠡᠢ

ᠭᠡᠷᠭᠡᠢ ᠢᠨᠤ ᠬᠣᠶ᠋ᠢᠮᠣᠷ ᠲᠤ᠌ ᠪᠠᠨ ᠰᠠᠭᠤᠳᠠᠭ ᠦᠭᠡᠢ

ᠭᠡᠵᠢᠭᠡᠨ ᠦ᠌ ᠰᠡᠪᠡᠯᠭᠡ ᠪᠡᠨ ᠬᠡᠶ᠋ᠢᠰᠬᠡᠳᠡᠭ ᠦᠭᠡᠢ

ᠭᠡᠭᠡᠯᠢᠭ ᠮᠣᠩᠭᠣᠯ ᠤᠬᠠᠭᠠᠨ᠃


  ᠦᠰᠦᠭ ᠠᠮᠢᠯᠠᠭᠤᠯᠤᠭᠴᠢ ᠄ ᠰᠡᠴᠡᠨᠴᠢᠮᠡᠭ

  ᠬᠢᠨᠠᠭᠴᠢ ᠄ ᠣᠳᠬᠠᠨᠰᠸ᠎ᠠ