ᠪᠣᠳᠣᠯᠭᠠᠰᠢᠷᠠᠯ – ᠲ ᠂ ᠭᠣᠮᠪᠣᠵᠠᠪ Бодлогошрол – Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯᠭᠠᠰᠢᠷᠠᠯ – ᠲ ᠂ ᠭᠣᠮᠪᠣᠵᠠᠪ Бодлогошрол – Т ᠂ Гомбожав

ᠪᠣᠳᠣᠯᠭᠠᠰᠢᠷᠠᠯ – ᠲ ᠂ ᠭᠣᠮᠪᠣᠵᠠᠪ Бодлогошрол – Т ᠂ Гомбожав

2023-04-18

263

ᠪᠣᠳᠣᠯᠭᠠᠰᠢᠷᠠᠯ

     
                      ᠲ ᠂ ᠭᠣᠮᠪᠣᠵᠠᠪ  
          
          ᠥᠷᠯᠥᠭᠡ ᠶᠢᠨ ᠰᠠᠭᠤᠭᠳᠠᠯ 

ᠬᠠᠷ᠎ᠠ ᠳᠠᠷᠤᠭᠰᠠᠨ ᠵᠡᠭᠦᠳᠦ 
ᠲᠡᠭᠷᠢ ᠶᠢᠨ ᠭᠠᠯ ᠳᠤ ᠰᠢᠲᠠᠴᠢᠬᠠᠯ᠎ᠠ 

ᠳᠣᠷᠣᠨ᠎ᠠ ᠬᠢᠵᠠᠭᠠᠷ ᠠᠴᠠ ᠰᠢᠨᠡᠬᠡᠨ ᠨᠢᠭᠡ ᠠᠶᠠᠰ ᠡᠭᠡᠰᠢᠭᠯᠡᠨ ᠪᠣᠰᠴᠤ   
ᠲᠤᠯᠤᠭᠠᠨ ᠥᠩᠭᠡ ᠶᠢᠨ ᠴᠢᠰᠤ 
ᠡᠬᠡ ᠭᠠᠵᠠᠷ ᠤᠨ ᠰᠤᠳᠠᠰᠤ ᠪᠠᠷ ᠦᠶᠡᠷᠯᠡᠵᠦ ᠡᠬᠢᠯᠡᠯ᠎ᠡ  
ᠳᠤᠷᠠᠯᠠᠯ ᠪᠢᠲᠡᠭᠦᠦ ᠬᠠᠩᠭᠠᠢ ᠶᠢᠨ ᠡᠪᠦᠷ ᠲᠤ ᠪᠣᠯᠵᠣᠮᠣᠷ ᠰᠢᠭ᠋ ᠵᠢᠷᠭᠢᠵᠦ  
ᠳᠤᠷᠠᠰᠴᠤ ᠬᠣᠨᠣᠭᠰᠠᠨ ᠬᠣᠶᠠᠷ ᠳᠡᠯᠡᠬᠡᠢ
ᠮᠠᠩᠨᠠᠢ ᠪᠠᠨ ᠦᠨᠦᠰᠤᠨ ᠵᠣᠯᠭᠠᠵᠤ ᠪᠠᠶ᠋ᠢᠨ᠎ᠠ ᠠ᠋ 

           ᠦᠲᠡᠰᠢ 

ᠳᠡᠯᠡᠬᠡᠢ ᠣᠩᠬᠣᠯᠢᠴᠢᠬᠠᠯ᠎ᠠ

ᠨᠠᠷᠠ ᠂ ᠠᠭᠤᠯᠠ ᠳᠠᠷᠤᠨ ᠦᠢᠴᠢᠵᠦ ᠪᠠᠶ᠋ᠢᠨ᠎ᠠ
ᠠᠭᠤᠯᠠ ᠂ ᠣᠢ ᠳᠠᠷᠤᠨ ᠦᠢᠴᠢᠵᠦ ᠪᠠᠶ᠋ᠢᠨ᠎ᠠ
ᠣᠢ ᠂ ᠲᠠᠯ᠎ᠠ ᠳᠠᠷᠤᠨ ᠦᠢᠴᠢᠵᠦ ᠪᠠᠶ᠋ᠢᠨ᠎ᠠ
ᠲᠠᠯ᠎ᠠ ᠂ ᠭᠡᠷ ᠳᠠᠷᠤᠨ ᠦᠢᠴᠢᠵᠦ ᠪᠠᠶ᠋ᠢᠨ᠎ᠠ
ᠭᠡᠷ ᠦ᠋ᠨ ᠳᠣᠲᠣᠷ᠎ᠠ
ᠬᠥᠮᠦᠨ ᠂ ᠵᠡᠭᠦᠲᠦ ᠳᠠᠷᠤᠨ ᠦᠢᠴᠢᠵᠦ ᠪᠠᠶ᠋ᠢᠨ᠎ᠠ

ᠡᠩᠬᠡ ᠲᠩᠷᠢ ᠂ ᠡᠨᠲᠡ ᠡᠭᠦᠯᠡ ᠦᠭᠡᠢ ᠮᠡᠯᠲᠡᠶ᠋ᠢᠵᠦ
ᠡᠩ ᠳᠡᠯᠡᠬᠡᠢ ᠰᠠᠷᠠ ᠰᠢᠷᠲᠡᠨ ᠨᠠᠭᠠᠲᠤᠨ᠎ᠠ ᠡ

    ᠡᠬᠡ ᠰᠤᠷᠭᠠᠭᠤᠯᠢ ᠮᠢᠨᠢ 

ᠴᠠᠰᠢ ᠪᠠᠨ ᠭᠡᠵᠦ ᠮᠢᠨᠦ ᠠᠷᠤ ᠠ᠋ᠴᠠ
ᠴᠠᠭ ᠂  ᠲᠡᠮᠦᠷ ᠭᠠᠷ ‍ᠢᠶ᠋ᠠᠷ ᠶ᠋ᠢᠠᠨ ᠲᠦᠯᠬᠢᠵᠦ
ᠴᠢᠮ᠎ᠠ ᠠ᠋ᠴᠠ ᠨᠠᠮᠠᠶᠢ ᠰᠠᠯᠭᠠᠵᠤ ᠪᠠᠶ᠋ᠢᠨ᠎ᠠ ᠂ ᠡᠵᠢ ᠡ

ᠪᠢ ᠴᠢᠲᠠᠯ ᠦᠭᠡᠢ
ᠪᠡᠶ᠎ᠡ ᠮᠢᠨᠢ ᠴᠠᠭ ᠲᠤ ᠢᠯᠠᠭᠲᠠᠴᠢᠬᠠᠯ᠎ᠠ
ᠪᠢᠯᠢᠭ ᠊ᠢ ᠲᠥᠷᠥᠭᠦᠯᠦᠭᠰᠡᠨ ᠡᠵᠢ ᠮᠢᠨᠢ ᠣᠲᠣ ᠪᠠᠶᠠᠷᠲᠠᠢ ! ᠪᠠᠶᠠᠷᠲᠠᠢ ᠡ !

ᠬᠥᠯ ᠮᠢᠨᠢ ᠲᠣᠷᠣᠭᠡ ᠭᠢᠰᠬᠢᠯ᠎ᠡ
ᠬᠦᠦ ᠴᠢᠨᠢ ᠪᠢ ᠴᠢᠲᠠᠲᠠᠭ ᠶ᠋ᠢᠠᠨ ᠪᠦᠷ ᠊ᠢ ᠠᠪᠴᠠᠢ
ᠬᠦᠨᠲᠦ ᠪᠣᠲᠣᠯ ᠂ ᠲᠡᠷᠡ ᠪᠣᠯ ᠠᠭᠤᠯᠠ ᠪᠣᠯᠬᠣᠷ ᠶ᠋ᠢᠠᠨ ᠬᠥᠲᠡᠯᠭᠡᠵᠦ ᠴᠢᠲᠠᠭᠰᠠᠨ ᠦᠭᠡᠢ
ᠴᠢᠮ᠎ᠠ ᠳᠡᠭᠡᠷ᠎ᠡ ᠪᠡᠨ ᠣᠷᠬᠢᠯ᠎ᠠ ᠂ ᠡᠵᠢ ᠮᠢᠨᠢ ᠡ !

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
 
        ᠦᠰᠦᠭ ᠠᠮᠢᠯᠠᠭᠤᠯᠤᠭᠰᠠᠨ ᠨᠢ ᠄  ᠴᠣᠭᠵᠢᠷᠭᠠᠯ
         ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
              2023 ᠣᠨ ᠪ 4 ᠰᠠᠷ᠎ᠠ ᠶ᠋ᠢᠨ 17 ᠪ ᠡᠲᠦᠷ