ᠮᠢᠨᠦ ᠵᠤᠰᠠᠯᠠᠩ – ᠦᠭᠡ ᠂ ᠠᠶ᠎ᠠ ᠄ ᠪᠤᠶᠠᠨᠲᠡᠯᠭᠡᠷ Миний зуслан – Үг ᠂ Ая ᠄ Буяндэлгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠵᠤᠰᠠᠯᠠᠩ – ᠦᠭᠡ ᠂ ᠠᠶ᠎ᠠ ᠄ ᠪᠤᠶᠠᠨᠲᠡᠯᠭᠡᠷ Миний зуслан – Үг ᠂ Ая ᠄ Буяндэлгэр

ᠮᠢᠨᠦ ᠵᠤᠰᠠᠯᠠᠩ – ᠦᠭᠡ ᠂ ᠠᠶ᠎ᠠ ᠄ ᠪᠤᠶᠠᠨᠲᠡᠯᠭᠡᠷ Миний зуслан – Үг ᠂ Ая ᠄ Буяндэлгэр

ᠠᠩᠭᠢᠯᠠᠯ:ᠳᠠᠭᠤᠤ ᠬᠥᠭᠵᠢᠮ
2023-04-17

309

ᠮᠢᠨᠦ ᠵᠤᠰᠠᠯᠠᠩ


                   ᠦᠭᠡ ᠂ ᠠᠶ᠎ᠠ ᠄ ᠪᠤᠶᠠᠨᠲᠡᠯᠭᠡᠷ 

ᠨᠠᠪᠴᠢ ᠴᠡᠴᠡᠭ ᠳᠡᠯᠭᠡᠷᠡᠭᠰᠡᠨ 
ᠥᠷᠭᠡᠨ ᠨᠣᠭᠣᠭᠠᠨ ᠲᠠᠯ᠎ᠠ ᠲᠠᠢ 
ᠨᠠᠷᠠᠨ ᠰᠠᠷᠠᠨ ᠨᠡᠪᠲᠡᠷᠡᠬᠦ ᠦᠭᠡᠢ 
ᠪᠢᠲᠡᠭᠦᠦ ᠨᠣᠭᠣᠭᠠᠨ ᠣᠢ ᠲᠠᠢ ᠃ 
ᠪᠠᠤᠠᠮᠠᠷᠠᠭ ᠭᠡᠷᠡᠯ ᠰᠠᠴᠤᠷᠠᠭᠰᠠᠨ  
ᠪᠠᠷᠰᠲᠦ ᠬᠠᠨᠲᠠᠭᠠᠢ ᠶ᠋ᠢᠨ ᠨᠤᠲᠤᠭ 
ᠪᠠᠶ᠋ᠢᠭᠠᠯᠢ ᠶ᠋ᠢᠨ ᠦᠵᠡᠮᠵᠢ ᠪᠦᠷᠢᠳᠦᠭᠰᠡᠨ 
ᠪᠠᠬ᠋᠎ᠠ ᠶ᠋ᠢᠨ ᠮᠢᠨᠦ ᠵᠤᠰᠠᠯᠠᠩ ᠃ 
        ᠳᠠᠬᠢᠯᠲᠠ

ᠬᠥᠪᠴᠢ ᠬᠢᠩᠭᠠᠨ ᠰᠦᠨᠳᠡᠷᠯᠡᠭᠰᠡᠨ
ᠭᠣᠣᠯ ᠭᠣᠷᠣᠬ᠎ᠠ ᠰᠦᠯᠵᠢᠯᠡᠭᠰᠡᠨ
ᠵᠤᠨ ᠪ ᠰᠠᠶ᠋ᠢᠬᠠᠨ ᠤᠯᠠᠷᠢᠯ ᠳ᠋ᠠᠭᠠᠨ
ᠵᠢᠷᠤᠭ ᠰᠢᠭ᠋ ᠰᠠᠶ᠋ᠢᠬᠠᠨ ᠵᠤᠰᠠᠯᠠᠩ ᠃
          ᠳᠠᠬᠢᠯᠲᠠ

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃ 1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠤᠷᠠᠨᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ16 ᠪ ᠡᠲᠦᠷ