ᠰᠠᠭᠠᠯᠢᠴᠢᠨ ᠬᠡᠦᠬᠡᠨᠴᠦᠳ ( ᠣᠷᠱᠤᠨ ᠭᠣᠣᠯ ) - ᠦᠭᠡ ᠄ ᠴᠦᠯᠲᠦᠮ ᠂ ᠠᠶ᠎ᠠ ᠄ ᠳᠦ ᠂ ᠳᠦᠭᠦᠷ Саальчин хүүхэнчүүд ( Оршин гол ) - Үг ᠄ Цөлдөм ᠂ Ая ᠄ Д ᠂ Дүгүр
ᠰᠠᠭᠠᠯᠢᠴᠢᠨ ᠬᠡᠦᠬᠡᠨᠴᠦᠳ
ᠦᠭᠡ ᠄ ᠴᠦᠯᠲᠦᠮ
ᠠᠶ᠎ᠠ ᠄ ᠳᠦ ᠂ ᠳᠦᠭᠦᠷ
ᠰᠢᠯᠢᠳᠡᠭ ᠤᠲᠤᠮ ᠦ᠋ᠨ ᠦᠨᠢᠶ᠎ᠡ ᠲᠡᠢ ᠶᠠ ᠬᠦ᠋ ᠬᠦᠢ᠂ ᠦᠨᠢᠶ᠎ᠡ ᠲᠡᠢ
ᠰᠠᠶ᠋ᠢᠨ ᠡᠭᠦᠯᠲᠡᠷ ᠦ᠋ᠨ ᠲᠤᠭᠤᠯ ᠲᠠᠢ ᠶᠠ ᠬᠦ᠋ ᠬᠦᠢ᠂ ᠲᠤᠭᠤᠯ ᠲᠠᠢ
ᠰᠠᠶ᠋ᠢᠰᠢᠶᠠᠨ ᠮᠠᠭᠲᠠᠭᠲᠠᠭᠰᠠᠨ ᠰᠠᠭᠠᠯᠢᠴᠢᠨ ᠬᠡᠦᠬᠡᠨᠴᠦᠳ ᠬᠦᠢ
ᠱᠠᠯᠠᠮᠠᠭᠠᠶ᠋ᠢᠯᠠᠭᠠᠳ ᠭᠠᠷᠬᠤ ᠨᠢ ᠪᠠᠶᠠᠷ ᠲᠠᠢ ᠶᠠ ᠂
ᠪᠠᠶᠠᠷ ᠲᠠᠢ ᠶᠠ ᠬᠦ᠋ ᠬᠦᠢ ᠂ ᠪᠠᠶᠠᠷ ᠲᠠᠢ ᠃
ᠪᠥᠮᠪᠦᠢᠭᠰᠡᠨ ᠲᠠᠷᠭᠤᠨ ᠪᠡᠶ᠎ᠡ ᠲᠡᠢ ᠶᠠ ᠂ ᠪᠡᠶ᠎ᠡ ᠲᠡᠢ
ᠪᠥᠯᠲᠡᠢᠭᠰᠡᠨ ᠲᠣᠮᠣ ᠬᠦᠬᠦ ᠲᠡᠢ ᠶᠠ ᠬᠦᠬᠦ ᠲᠡᠢ ᠂
ᠰᠦᠷᠴᠢᠭᠢᠨᠡᠲᠡᠯᠡ ᠰᠠᠭᠠᠭᠰᠠᠨ ᠰᠦ᠋ ᠨᠢ ᠮᠡᠯᠮᠡᠯᠵᠡᠭᠡᠳ
ᠰᠦ᠋ ᠶ᠋ᠢᠨ ᠦᠢᠯᠡᠤᠠᠪᠦᠷᠢ ᠴᠤ᠌ ᠶᠠᠭᠠᠷᠠᠯᠲᠠᠢ ᠶᠠ ᠶᠠᠭᠠᠷᠠᠯᠲᠠᠢ ᠃
ᠭᠠᠩᠭᠠᠩ ᠠᠯᠠᠭ ᠦᠨᠢᠶ᠎ᠡ ᠲᠡᠢ ᠶᠠ ᠦᠨᠢᠶ᠎ᠡ ᠲᠡᠢ
ᠭᠠᠩ ᠶᠡᠭᠦᠯᠡᠮᠡᠷ ᠰᠦ᠋ ᠲᠡᠢ ᠶᠠ ᠂ ᠰᠦ᠋ ᠲᠡᠢ ᠂
ᠭᠠᠯ ᠵᠠᠯᠠᠭᠤ ᠭᠠᠷᠮᠠᠭᠠᠢ ᠰᠠᠭᠠᠯᠢᠴᠢᠨ ᠬᠡᠦᠬᠡᠨᠴᠦᠳ
ᠭᠠᠩ ᠵᠣᠷᠢᠬ ᠨᠢ ᠭᠠᠶ᠋ᠢᠬᠠᠯᠲᠠᠢ ᠶᠠ ᠂ ᠭᠠᠶ᠋ᠢᠬᠠᠯᠲᠠᠢ ᠃
ᠦᠶᠡᠲᠡᠨ ᠨᠥᠬᠥᠳ ᠲᠡᠢ ᠪᠡᠨ ᠠᠲᠠᠭᠠᠨ ᠲᠠᠢ ᠶᠠ ᠂ ᠠᠲᠠᠭᠠᠨ ᠲᠠᠢ
ᠡᠷᠲᠡᠮ ᠰᠣᠶᠣᠯ ᠰᠤᠷᠬᠤ ᠵᠣᠷᠢᠬ ᠲᠠᠢ ᠶᠠ ᠬᠦᠢ ᠂ ᠵᠣᠷᠢᠬ ᠲᠠᠢ
ᠳᠦᠷᠪᠡ ᠶ᠋ᠢ ᠣᠲᠣᠬᠢᠴᠢᠯᠠᠬᠤ ᠳ᠋ᠤ᠌ ᠮᠠᠰᠢᠨᠴᠢᠯᠠᠭᠠᠳ
ᠲᠡᠷᠢᠭᠦᠨ ᠪ ᠪᠣᠯᠬᠤ ᠨᠢ ᠪᠠᠲᠤᠯᠬ᠋ᠠ ᠲᠠᠢ ᠶᠠ ᠪᠠᠲᠤᠯᠬ᠋ᠠ ᠲᠠᠢ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ15 ᠪ ᠡᠲᠦᠷ

