ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –14 Монгол оньсгын түүвэр –Хоёрдугаар бүлэг– 14 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –14 Монгол оньсгын түүвэр –Хоёрдугаар бүлэг– 14

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –14 Монгол оньсгын түүвэр –Хоёрдугаар бүлэг– 14

ᠠᠩᠭᠢᠯᠠᠯ:ᠣᠨᠢᠰᠤᠭ᠎ᠠ
2023-04-17

1281

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠪᠠᠷᠰ ᠲᠡᠷᠢᠭᠦᠲᠡᠢ ᠠᠮᠢᠲᠠᠨ ‍ᠤ ᠵᠤᠶ᠋ᠢᠯ


 ᠬᠦᠷ ᠬᠦᠷ ᠳᠠᠭᠤᠨ ᠎ᠲᠠᠢ 
 ᠬᠦᠷᠡᠩ ᠴᠣᠬᠣᠷ ᠳᠡᠪᠡᠯ ᠎ᠲᠡᠢ 
 ᠭᠠᠯ ᠰᠢᠭ᠋ ᠨᠢᠳᠦ ᠎ᠲᠡᠢ 
 ᠭᠠᠭᠴᠠᠭᠠᠷ ‍ᠢᠶ᠋ᠠᠨ ᠶᠠᠪᠤᠬᠤ ᠵᠠᠩ ᠎ᠲᠠᠢ 
           ( ᠪᠠᠷᠰ ) 

 ᠪᠤᠷᠤᠭᠤ ᠭᠠᠵᠠᠷ ᠨᠤᠲᠤᠭ ᠎ᠲᠠᠢ 
 ᠪᠤᠷᠬᠠᠨ ᠯᠠᠮᠠ ‍ᠶ᠋ᠢᠨ ᠰᠠᠭᠤᠳᠠᠯ ᠎ᠲᠠᠢ 
 ᠲᠡᠭᠷᠢ ‍ᠶ᠋ᠢᠨ ᠴᠣᠯᠮᠣᠨ ᠨᠢᠳᠦ ᠎ᠲᠡᠢ   
 ᠲᠡᠮᠡᠭᠡᠨ ᠬᠠᠯᠢᠭᠤᠨ ᠵᠢᠰᠦ ᠎ᠲᠡᠢ 
             ( ᠪᠠᠷᠰ )

 ᠬᠣᠶ᠋ᠢᠨ᠎ᠠ ᠠ᠋ᠴᠠ ᠢᠷᠡᠭᠰᠡᠨ ᠬᠣᠪᠳᠣᠭ ᠲᠠᠶ᠋ᠢᠵᠢ
 ᠬᠣᠶᠠᠷ ᠴᠢᠬᠢ ᠨᠢ ᠳᠡᠯᠳᠡᠩ ᠲᠠᠶ᠋ᠢᠵᠢ
 ᠨᠡᠨ ᠬᠠᠭᠠᠨ ‍ᠳᠤ ᠪᠠᠶ᠋ᠢᠳᠠᠭ  ᠦᠭᠡᠢ ᠲᠠᠶ᠋ᠢᠵᠢ
 ᠡᠷᠯᠢᠭ ‍ᠦᠨ ᠬᠠᠭᠠᠨ ‍ᠳᠤ ᠨᠡᠷ᠎ᠡ ᠎ᠲᠡᠢ ᠲᠠᠶ᠋ᠢᠵᠢ
             ( ᠴᠢᠨᠣ᠎ᠠ )

 ᠲᠠᠯ᠎ᠠ ‍ᠳᠤ ᠲᠠᠶ᠋ᠢᠪᠢᠩᠨᠠᠬᠤ
 ᠲᠠᠰᠢᠭᠤᠷ ᠦᠭᠡᠢ ᠭᠣᠶ᠋ᠢᠪᠢᠩᠨᠠᠬᠤ
           ( ᠴᠢᠨᠣ᠎ᠠ )

 ᠬᠣᠩᠰᠢᠶᠠᠷ ᠠᠮᠠ ᠶᠡᠬᠡ ᠰᠠᠷᠠᠯ
 ᠬᠣᠶᠠᠷ ᠴᠢᠬᠢ ᠪᠣᠰᠤᠭ᠎ᠠ ᠰᠠᠷᠠᠯ
 ᠬᠦᠵᠦᠭᠦᠦ ᠲᠣᠯᠣᠭᠠᠢ ᠦᠷᠭᠦᠯᠵᠢ ᠰᠠᠷᠠᠯ
 ᠬᠦᠮᠦᠨ ᠠᠮᠢᠲᠠᠨ ‍ᠳᠤ ᠬᠥᠨᠥᠭᠡᠯ ᠎ᠲᠡᠢ ᠰᠠᠷᠠᠯ
             ( ᠴᠢᠨᠣ᠎ᠠ )

 ᠰᠢᠨ᠎ᠡ ᠰᠦᠮ᠎ᠡ ‍ᠶ᠋ᠢᠨ ᠠᠷᠤ ᠳᠡᠭᠡᠷ᠎ᠡ
 ᠰᠢᠯᠢᠪᠡᠯᠵᠡᠭᠰᠡᠨ ᠬᠤᠯᠠᠭᠠᠶ᠋ᠢᠴᠢ 
 ᠰᠢᠨ᠎ᠡ ᠴᠠᠭᠠᠨ ᠴᠠᠮᠴᠠ  ᠎ᠲᠠᠢ
 ᠭᠢᠯᠪᠠᠯᠵᠠᠭᠰᠠᠨ ᠬᠤᠯᠠᠭᠠᠶ᠋ᠢᠴᠢ
              ( ᠴᠢᠨᠣ᠎ᠠ )

 ᠱᠣᠭ ᠱᠣᠭ ᠭᠦᠶᠦᠳᠡᠯ ᠎ᠲᠡᠢ
 ᠰᠢᠮᠨᠤᠰ ᠮᠠᠩᠭᠤᠰ ‍ᠤᠨ ᠴᠢᠷᠠᠢ ᠎ᠲᠠᠢ
 ᠭᠠᠯ ᠰᠢᠷ᠎ᠠ ᠨᠢᠳᠦ ᠎ᠲᠡᠢ
 ᠭᠠᠭᠴᠠᠭᠠᠷ ᠶᠠᠪᠤᠬᠤ ᠵᠣᠷᠢᠬ ᠎ᠲᠠᠢ
           ( ᠴᠢᠨᠣ᠎ᠠ )

 ᠰᠤᠭᠤ ᠰᠠᠷᠠᠯ
 ᠰᠤᠳᠠᠭ (   ᠰᠣᠵᠢᠬ) ᠤᠷᠤᠭᠤᠳᠠᠨ᠎ᠠ
        ( ᠴᠢᠨᠣ᠎ᠠ )

 ᠨᠠᠮᠠᠶ᠋ᠢ ᠬᠡᠨ ᠴᠤ᠌ ᠪᠦᠷ ᠲᠠᠨᠢᠨ᠎ᠠ
 ᠪᠢ ᠨᠢᠭᠡ ᠴᠤ᠌ ᠬᠦᠮᠦᠨ ‍ᠢ ᠲᠠᠨᠢᠬᠤ ᠦᠭᠡᠢ
          ( ᠴᠢᠨᠣ᠎ᠠ )

 ᠰᠢᠭᠤᠢ ᠳᠣᠲᠣᠷ᠎ᠠ
 ᠰᠤᠩᠨᠠᠭᠤᠷ ᠬᠤᠯᠠᠭᠠᠶ᠋ᠢᠴᠢ
             ( ᠴᠢᠨᠣ᠎ᠠ )

 ᠰᠤᠬᠠᠢ ᠡᠰᠢ ᠎ᠲᠡᠢ ᠲᠠᠰᠢᠭᠤᠷ
 ᠪᠠᠷᠢᠵᠤ ᠪᠣᠯᠳᠠᠭ ᠦᠭᠡᠢ
 ᠱᠤᠪᠲᠤᠩ ᠲᠡᠯ ᠎ᠲᠡᠢ ᠬᠦᠬᠡ ᠮᠣᠷᠢ ‍ᠶ᠋ᠢ
 ᠤᠨᠤᠵᠤ ᠪᠣᠯᠳᠠᠭ ᠦᠭᠡᠢ
        ( ᠮᠣᠭᠠᠢ ᠴᠢᠨᠣ᠎ᠠ )

 ᠰᠦᠨ ᠳᠠᠯᠠᠢ ᠰᠦᠷᠳ᠋ ᠬᠢᠨ᠎ᠡ 
 ᠰᠦᠷᠡᠬᠡᠢ ᠪᠠᠭᠠᠲᠤᠷ ᠬᠢᠯᠡᠰ ᠬᠢᠨ᠎ᠡ
 ᠶᠠᠩᠭᠢᠷ ᠢᠮᠠᠭ᠎ᠠ ᠶᠠᠬᠢᠰ ᠬᠢᠨ᠎ᠡ
 ᠶᠠᠰᠤᠨ ᠰᠡᠭᠦᠯ ᠨᠢ ᠭᠣᠳᠣᠰ ᠬᠢᠨ᠎ᠡ
         ( ᠬᠣᠨᠢᠨ ‍ᠳᠤ ᠴᠢᠨᠣ᠎ᠠ ᠣᠷᠣᠬᠤ )

 ᠪᠦᠭᠴᠦᠶ᠋ᠢᠨ ᠬᠡᠪᠲᠡᠬᠦ ᠳ᠋ᠡᠭᠡᠨ ‍ᠷᠣ ᠡᠷᠢᠶᠡᠨ
 ᠪᠣᠰᠤᠭᠠᠳ ᠭᠦᠶᠦᠬᠦ ᠳ᠋ᠡᠭᠡᠨ ᠪᠥᠭᠡᠷ᠎ᠡ ᠠᠯᠠᠭ
               ( ᠲᠠᠤᠯᠠᠢ )

 ᠰᠡᠶ᠋ᠢᠮᠡᠭᠡᠢ ᠭᠡᠷ ᠲᠤ
 ᠰᠡᠷᠬᠡ ‍ᠶ᠋ᠢᠨ ᠲᠣᠯᠣᠭᠠᠢ
               ( ᠲᠠᠤᠯᠠᠢ )

 ᠠᠯᠢᠶ᠎ᠠ ᠬᠦᠦ
 ᠠᠶᠠᠭ᠎ᠠ ᠎ᠪᠠᠨ ᠣᠷᠬᠢᠭᠠᠳ ᠵᠢᠭᠤᠲᠠᠪᠠ
               ( ᠲᠠᠤᠯᠠᠢ ᠪᠣᠰᠬᠤ )

 ᠤᠯᠠᠭᠠᠨ ᠨᠢᠳᠦ ᠎ᠲᠡᠢ
 ᠤᠷᠲᠤ ᠴᠢᠬᠢ ᠎ᠲᠡᠢ
 ᠤᠷᠤᠭᠤᠯ ᠰᠡᠲᠡᠷᠬᠡᠢ
 ᠤᠷᠠᠨ ᠰᠡᠷᠭᠡᠢ
 ᠪᠤᠲᠠᠨ ‍ᠳᠤ ᠭᠡᠪᠲᠡᠷᠢ ᠎ᠲᠡᠢ
 ᠪᠤᠰᠢᠭᠤ ᠭᠦᠶᠦᠳᠡᠯ ᠎ᠲᠡᠢ
 ᠦᠯᠥᠩ ‍ᠳᠦ ᠰᠠᠭᠤᠳᠠᠯ ᠎ᠲᠠᠢ
 ᠡᠪᠡᠰᠦᠨ ᠲᠡᠵᠢᠭᠡᠯ ᠎ᠲᠡᠢ
          ( ᠲᠠᠤᠯᠠᠢ )

 ᠪᠤᠳᠠᠨ ᠳᠣᠲᠣᠷ᠎ᠠ ᠪᠣᠷ ᠬᠢᠨ᠎ᠡ
 ᠪᠤᠷᠬᠠᠨ ᠰᠢᠷᠡᠭᠡ ᠨᠢᠷ ᠬᠢᠨ᠎ᠡ 
            ( ᠲᠠᠤᠯᠠᠢ ᠪᠣᠰᠬᠤ )

 ᠤᠯᠢᠶᠠᠰᠤᠨ  ᠠ᠋ᠴᠠ
 ᠤᠯᠠᠪᠴᠢ ᠡᠯᠭᠦᠭᠡᠰᠦᠲᠡᠢ
              ( ᠲᠠᠤᠯᠠᠢ ‍ᠶ᠋ᠢᠨ ᠴᠢᠬᠢ )

 ᠨᠠᠮ ᠨᠠᠮ ᠭᠦᠶᠦᠳᠡᠯ ᠎ᠲᠡᠢ 
 ᠯᠠᠮᠠ ᠰᠢᠷ᠎ᠠ ᠳᠡᠪᠡᠯ ᠎ᠲᠡᠢ
             ( ᠦᠨᠡᠭᠡ )

 ᠰᠠᠮ ᠰᠠᠮ ᠠᠯᠬᠤᠭ᠎ᠠ ᠎ᠲᠠᠢ
 ᠰᠥᠨᠢ ᠲᠤᠵᠢ ᠭᠦᠶᠦᠲᠡᠯ ᠲᠡᠢ
 ᠦᠨᠦᠷᠯᠡᠬᠦ ᠱᠥᠪᠥᠭᠡᠷ ᠬᠠᠮᠠᠷ ᠲᠠᠢ
 ᠦᠬᠦᠲᠡᠯ ᠰᠡᠭ ᠦ᠋ᠨ ᠬᠤᠷᠢᠮ ᠲᠠᠢ
        ( ᠦᠨᠡᠭᠡ )

 ᠰᠤᠷ ᠰᠤᠷ ᠭᠦᠶᠦᠲᠡᠯ ᠲᠡᠢ
 ᠰᠤᠬᠠᠢ ᠪᠠᠷᠢᠶ᠎ᠠ ᠲᠠᠰᠢᠭᠤᠷ ᠲᠠᠢ
 ᠰᠣᠷᠭᠣᠭ ᠬᠣᠶᠠᠷ ᠴᠢᠬᠢ ᠲᠡᠢ
 ᠰᠣᠴᠢᠵᠤ ᠦᠷᠭᠦᠬᠦ ᠵᠠᠩ ᠲᠠᠢ
         ( ᠦᠨᠡᠭᠡ )

 ᠭᠣᠣ ᠳᠣᠲᠣᠷ᠎ᠠ
 ᠭᠠᠤᠯᠢᠨ ᠰᠢᠨᠠᠬ᠋᠎ᠠ
        ( ᠬᠡᠪᠲᠡᠭᠡ ᠦᠨᠡᠭᠡ )

 ᠪᠦᠭᠳᠦᠷ ᠪᠡᠶ᠎ᠡ ᠲᠡᠢ
 ᠪᠥᠮᠪᠥᠷᠭᠡᠨ ᠰᠡᠭᠦᠯ ᠲᠡᠢ
 ᠭᠠᠩ ᠳᠥᠷᠪᠡᠨ ᠰᠣᠶᠣᠬ᠋᠎ᠠ ᠲᠠᠢ
 ᠭᠠᠯᠠᠪ ᠲᠦ ᠦᠭᠡᠢ ᠬᠤᠯᠠᠭᠠᠶ᠋ᠢᠴᠢ
         ( ᠬᠤᠯᠤᠭᠠᠨ᠎ᠠ )

 ᠪᠣᠮᠠᠨ ᠪᠣᠷᠣ ᠠᠲᠤᠭᠤ
 ᠪᠤᠯᠠᠭᠠᠨ ᠪᠤᠭᠤᠷᠤᠯ ᠠᠵᠢᠷᠬ᠋᠎ᠠ ᠲᠠᠢ
         ( ᠬᠤᠯᠤᠭᠠᠨ᠎ᠠ )

 ᠶᠡᠬᠡ ᠴᠦ᠍ ᠪᠢᠰᠢ ᠪᠠᠬ᠋᠎ᠠ ᠴᠤ ᠪᠢᠰᠢ
 ᠢᠲᠡ ᠴᠢᠲᠠᠯ ᠲᠠᠢ ᠨᠢᠭᠡ ᠠᠮᠢᠲᠠᠨ
 ᠥᠷᠥᠭᠡ ᠭᠡᠷ ᠶ᠋ᠢᠡᠨ ᠡᠭᠦᠷᠦᠭᠡᠳ ᠭᠦᠶᠦᠨ᠎ᠡ
 ᠥᠯᠥᠭᠡᠢ ᠲᠡᠢ ᠪᠠᠯᠴᠢᠷ ᠨᠢ ᠲᠡᠨᠲᠡ ᠬᠣᠷᠭᠣᠲᠠᠨ᠎ᠠ
        ( ᠢᠮᠵᠢ )

 ᠱᠠᠪᠷᠤᠩ  ᠪᠠᠨᠲᠢ
 ᠰᠢᠪᠠᠷ ᠭᠡᠷ ᠲᠡᠢ
             ( ᠲᠠᠷᠪᠠᠬ᠋᠎ᠠ )

 ᠭᠠᠵᠠᠷ ᠳᠣᠣᠭᠤᠷ
 ᠰᠢᠷ᠎ᠠ ᠳᠤᠰᠤ
          ( ᠲᠠᠷᠪᠠᠬ᠋᠎ᠠ )

 ᠰᠢᠪᠠᠷ ᠯᠣᠩᠬᠣ
 ᠨᠣᠣᠰᠣᠨ ᠪᠥᠭᠯᠡᠭᠡ ᠲᠠᠢ
            ( ᠣᠭᠣᠲᠣᠨ᠎ᠠ )

 ᠬᠣᠮᠣᠯ ᠦ᠋ᠨ ᠴᠢᠨᠡᠭᠡ ᠪᠡᠶ᠎ᠡ ᠲᠡᠢ
 ᠬᠣᠪᠣᠷᠬᠠᠨ ᠊ᠢ ᠪᠡᠯᠡᠤᠠᠬᠡᠬᠦ ᠪᠣᠲᠣᠯᠬ᠋᠎ᠠ ᠲᠠᠢ
 ᠠᠭᠤᠯᠠ ᠶ᠋ᠢ  ᠵᠥᠭᠡᠭᠡᠬᠦ ᠴᠢᠲᠠᠯ ᠲᠠᠢ
              ( ᠦᠬᠡᠷ ᠣᠭᠣᠲᠣᠨ᠎ᠠ )

 ᠮᠠᠩᠬᠠᠨ ᠳᠡᠭᠡᠷ᠎ᠡ
 ᠮᠠᠭ ᠮᠠᠭ
 ᠮᠠᠷᠭᠠᠰᠢ ᠥᠷᠯᠥᠭᠡ
 ᠳ᠋ᠸᠩ ᠳ᠋ᠸᠩ
              ( ᠠᠯᠠᠭᠲᠠᠬ᠋᠎ᠠ )

 ᠤᠷᠢᠲᠤ ᠠ᠋ᠴᠠ ᠢᠷᠡᠭᠰᠡᠨ
 ᠤᠨᠲᠠᠨ ᠲᠠᠶ᠋ᠢᠵᠢ
 ᠤᠷᠢᠲᠤ ᠬᠥᠯ ᠨᠢ
 ᠳᠤᠲᠠᠭᠤ ᠲᠠᠶ᠋ᠢᠵᠢ
               ( ᠠᠯᠠᠭᠲᠠᠬ᠋᠎ᠠ )

 ᠬᠠ ᠨᠢ ᠬᠣᠶᠠᠷ ᠬᠤᠷᠤᠭᠤ ᠬᠠᠭᠠᠰ
 ᠭᠤᠶ᠎ᠠ ᠨᠢ ᠭᠤᠷᠪᠠᠨ ᠬᠤᠷᠤᠭᠤ ᠬᠠᠭᠠᠰ
              ( ᠠᠯᠠᠭᠲᠠᠬ᠋᠎ᠠ )

 ᠬᠣᠶ᠋ᠢᠨ᠎ᠠ ᠠ᠋ᠴᠠ ᠢᠷᠡᠭᠰᠡᠨ ᠬᠤᠪᠠᠢ ᠨᠣᠶᠠᠨ
 ᠬᠣᠶᠠᠷ ᠴᠢᠬᠢ ᠨᠢ ᠳᠡᠯᠳᠡᠩ ᠨᠣᠶᠠᠨ
 ᠠᠯᠲᠠᠨ ᠤᠷᠬ᠋᠎ᠠ ᠪᠠᠨ ᠴᠢᠷᠦᠭᠰᠡᠨ ᠨᠣᠶᠠᠨ
 ᠠᠪᠠᠯᠢ ᠡᠮ᠎ᠡ ᠪᠡᠨ ᠭᠡᠭᠡᠭᠰᠡᠨ ᠨᠣᠶᠠᠨ
                ( ᠠᠯᠠᠭᠲᠠᠬ᠋᠎ᠠ )

 ᠲᠦᠨᠲᠦᠭᠡᠷ ᠡᠪᠦᠭᠡᠨ
 ᠲᠦᠮᠡᠨ ᠵᠢᠲᠠ ᠲᠠᠢ
                 ( ᠵᠠᠷᠠᠬ᠋᠎ᠠ )

 ᠳᠥᠷᠪᠡᠨ ᠬᠥᠯ ᠲᠡᠢ
 ᠮᠢᠩᠭᠠᠨ ᠲᠠᠶᠠᠭ ᠲᠠᠢ
                 ( ᠵᠠᠷᠠᠬ᠋᠎ᠠ )

 ᠠᠷᠴᠢᠬᠤ  ‍ᠳᠤ ᠪᠤᠷᠵᠠᠶ᠋ᠢᠬᠤ
 ᠠᠯᠬᠤᠬᠤ ᠳ᠋ᠠᠭᠠᠨ ᠥᠪᠥᠶ᠋ᠢᠬᠦ
                ( ᠵᠠᠷᠠᠬ᠋᠎ᠠ )

 ᠥᠭᠡᠬᠦᠨ ᠪᠥᠮᠪᠥᠭᠡ
 ᠥᠷᠭᠡᠰᠦᠨ ᠬᠤᠶᠠᠭ ᠲᠠᠢ
                ( ᠵᠠᠷᠠᠬ᠋᠎ᠠ )

 ᠠᠭᠰᠠᠯᠲᠠᠢ ᠡᠪᠦᠭᠡᠨ
 ᠠᠷᠵᠠᠭᠠᠷ ᠬᠤᠶᠠᠭ ᠶ᠋ᠢᠠᠨ ᠡᠭᠦᠷᠦᠭᠡᠳ
 ᠥᠯᠥᠩ ᠦ᠋ᠨ ᠳᠣᠲᠣᠷ᠎ᠠ ᠨᠢᠭᠤᠵᠤ
 ᠦᠬᠡᠷ ᠠᠲᠠᠯᠢ ᠮᠥᠭᠡᠷᠡᠨ᠎ᠡ
                 ( ᠵᠠᠷᠠᠬ᠋᠎ᠠ )

 ᠥᠭᠡᠯᠡᠳ ᠦ᠋ᠨ ᠠᠲᠤᠭᠤ
 ᠡᠪᠴᠢᠭᠦᠦ ᠴᠠᠭᠠᠨ
             ( ᠬᠡᠷᠡᠮᠦ )

 ᠰᠠᠶ᠋ᠢᠬᠠᠨ ᠬᠡᠦᠬᠡᠨ
 ᠰᠠᠮ ᠱᠦᠭᠦᠷ ᠦᠭᠡᠢ
               ( ᠬᠡᠷᠡᠮᠦ )

 ᠬᠠᠭᠠᠨ ᠡᠵᠡᠨ
 ᠬᠠᠶ᠋ᠢᠴᠢ ᠪᠠᠨ ᠭᠡᠭᠡᠪᠡ 
             ( ᠪᠤᠭᠤ ᠡᠪᠡᠷ ᠶ᠋ᠢᠡᠨ ᠤᠨᠠᠭᠠᠬᠤ )

 ᠬᠣᠶᠠᠷ ᠱ᠌ᠢᠷᠦᠨ ᠰᠠᠯᠠᠬ᠋᠎ᠠ ᠶ᠋ᠢ ᠲᠣᠯᠣᠭᠠᠢ ᠳᠡᠭᠡᠷ᠎ᠡ ᠪᠡᠨ ᠬᠠᠤᠠᠬᠤᠵᠤ
 ᠬᠣᠣᠰ ᠦᠭᠡᠢ ᠡᠷᠢᠶᠡᠨ ᠬᠤᠶᠠᠭ ᠊ᠢ ᠪᠡᠶ᠎ᠡ ᠳ᠋ᠡᠭᠡᠨ ᠡᠮᠦᠰᠴᠦ
 ᠬᠠᠰ ᠦ᠋ᠨ ᠰᠠᠯᠠᠬ᠋᠎ᠠ ᠮᠡᠲᠦ  ᠨᠠᠷᠢᠬᠠᠨ ᠳᠥᠷᠪᠡᠨ ᠬᠥᠯ ᠲᠡᠢ
 ᠬᠠᠲᠠ ᠬᠠᠶ᠋ᠢᠷᠬᠠᠨ ‍ᠳᠤ ᠭᠦᠶᠦᠬᠦ ᠳ᠋ᠡᠭᠡᠨ ᠨᠢᠰᠬᠦ ᠮᠡᠲᠦ ᠲᠦᠷᠭᠡᠨ
                ( ᠪᠤᠭᠤ )

 ᠠᠴᠠ ᠶ᠋ᠢᠨ ᠰᠠᠯᠠᠬ᠋᠎ᠠ ᠡᠪᠡᠷ ᠲᠡᠢ
 ᠠᠯᠠᠭ ᠴᠣᠬᠣᠷ ᠳᠡᠪᠡᠯ ᠲᠡᠢ
 ᠨᠠᠷᠢᠨ ᠳᠥᠷᠪᠡᠨ ᠲᠤᠯᠭᠠᠭᠤᠷᠢ ᠲᠠᠢ
 ᠨᠢᠰᠬᠦ ᠬᠤᠷᠲᠤᠨ ᠭᠦᠶᠦᠲᠡᠯ ᠲᠡᠢ
                ( ᠪᠤᠭᠤ )

 ᠠᠯᠠᠭ ᠴᠣᠬᠣᠷ ᠳᠡᠪᠡᠯ ᠶ᠋ᠢᠡᠨ ᠴᠢᠪ ᠭᠡᠲᠡᠯ᠎ᠡ ᠡᠮᠦᠰᠦᠭᠡᠳ
 ᠠᠭᠠᠷᠤ ᠽᠠᠨᠲᠠᠨ ᠮᠣᠲᠣ ᠶ᠋ᠢ ᠣᠷᠣᠢ ᠳᠡᠭᠡᠷ᠎ᠡ ᠪᠡᠨ ᠰᠢᠲᠡᠭᠡᠳ
 ᠠᠭᠤᠯᠠᠨ ᠣᠢ ‍ᠳᠤ ᠨᠤᠲᠤᠭᠯᠠᠬᠤ ᠳᠤᠷ᠎ᠠ ᠲᠠᠢ
 ᠠᠰᠤᠷᠤ ᠭᠣᠶᠣᠮᠰᠣᠭ ᠠᠪᠤᠭᠠᠢ ᠶ᠋ᠢ ᠬᠡᠨ ᠭᠡᠳᠡᠭ ᠪᠤᠢ
                   ( ᠪᠤᠭᠤ )

 ᠠᠷᠪᠠᠨ ᠰᠠᠯᠠᠬ᠋᠎ᠠ ᠡᠪᠡᠷ ᠲᠡᠢ
 ᠠᠯᠠᠭ ᠴᠣᠬᠣᠷ ᠳᠡᠪᠡᠯ ᠲᠡᠢ
 ᠨᠠᠷᠢᠨ ᠳᠥᠷᠪᠡᠨ ᠬᠥᠯ ᠲᠡᠢ
 ᠮᠠᠰᠢ ᠲᠦᠷᠭᠡᠨ ᠭᠦᠶᠦᠲᠡᠯ ᠲᠡᠢ
          (  ᠴᠣᠬᠣᠷ ᠪᠤᠭᠤ )

 ᠡᠭᠦᠯᠡ ᠮᠠᠨᠠᠨ ᠪ ᠬᠥᠷᠥᠩᠭᠡ ᠲᠡᠢ
 ᠡᠪᠡᠷ ᠰᠠᠬᠠᠯ ᠦ᠋ᠨ ᠬᠠᠶ᠋ᠢᠷᠰᠤ ᠲᠠᠢ
 ᠤᠷᠲᠤ ᠨᠠᠷᠢᠬᠠᠨ ᠪᠡᠶ᠎ᠡ ᠲᠡᠢ
 ᠤᠷᠢᠲᠤ ᠶ᠋ᠢᠨ ᠲᠡᠦᠬᠡᠨ  ‍ᠳᠤ ᠠᠯᠲᠠᠷ ᠲᠠᠢ
 ᠳᠥᠷᠪᠡᠨ ᠪᠠᠭᠠᠲᠤᠷ ᠦ᠋ᠨ ᠲᠡᠷᠢᠭᠦᠨ ᠪᠣᠯᠵᠤ
 ᠳᠦᠷᠰᠦ ᠪᠡᠶ᠎ᠡ ᠪᠡᠨ ᠦᠵᠡᠭᠦᠯᠳᠡᠭ ᠦᠭᠡᠢ
 ᠬᠥᠮᠦᠨ ᠪᠦᠬᠦᠨ ᠡᠰᠡ ᠤᠴᠠᠷᠠᠪᠠᠰᠤ
 ᠬᠥᠷᠥᠭ ᠵᠢᠷᠤᠭ ᠶ᠋ᠢᠠᠷ ᠶ᠋ᠢᠠᠨ ᠲᠠᠨᠢᠲᠠᠭ
                ( ᠯᠤᠤ )

 ᠬᠠᠷᠠᠩᠭᠤᠢ ᠣᠷᠲᠣᠨ ᠠ᠋ᠴᠠ ᠪᠠᠨ ᠭᠦᠶᠦᠨ ᠭᠠᠷᠤᠭᠠᠳ
 ᠬᠠᠭᠠᠨ ᠡᠵᠡᠨ ᠳ᠋ᠡᠭᠡᠨ ᠵᠠᠯᠪᠠᠷᠢᠨ ᠵᠣᠭᠰᠣᠲᠠᠭ
             ( ᠵᠤᠷᠠᠮ᠎ᠠ)

 ᠭᠠᠬᠠᠢ ᠰᠢᠭ᠋ ᠪᠡᠶ᠎ᠡ ᠲᠡᠢ
 ᠭᠠᠵᠠᠷ ᠳᠣᠣᠷ᠎ᠠ ᠨᠤᠲᠤᠭ ᠲᠠᠢ
 ᠨᠣᠬᠠᠢ ᠰᠢᠭ᠋ ᠬᠦᠯ ᠲᠠᠢ
 ᠬᠠᠯᠲᠠᠷ ᠮᠣᠷᠢᠨ ᠪ ᠵᠢᠰᠦᠮ ᠲᠠᠢ
 ᠭᠠᠲᠠᠭᠰᠢ ᠳᠡᠮᠡᠢ ᠶᠠᠪᠤᠲᠠᠭ ᠦᠭᠡᠢ
              ( ᠮᠠᠩᠭᠢᠰᠤ)

 ᠬᠣᠲᠠᠭᠤᠶ᠋ᠢᠲᠤ ᠶ᠋ᠢᠨ ᠠᠲᠤᠭᠤ
 ᠬᠣᠨᠲᠣᠯᠠᠢ ᠴᠠᠭᠠᠨ
              ( ᠭᠥᠷᠥᠭᠡᠰᠦ)

 ᠦ ᠦᠭᠡᠢ ᠳᠦᠭᠦᠷᠡᠩ
 ᠥᠭᠡᠬᠦᠨ ᠪᠥᠮᠪᠡᠢ
 ᠶᠠᠭᠠᠷᠠᠤ ᠶᠠᠩᠰᠢᠶ᠎ᠠ
 ᠶᠠᠪᠠᠭᠠᠨ ᠬᠤᠯᠠᠭᠠᠢ
           ( ᠬᠣᠲᠠ ᠬᠣᠨᠢ ᠨᠣᠬᠠᠢ ᠴᠢᠨᠣ᠎ᠠ)
 
 ᠪᠦᠬᠦ ᠪᠡᠶ᠎ᠡ ᠎ᠳ᠋ᠦ᠍ᠨᠢ ᠦᠰᠦ ᠲᠡᠢ
 ᠪᠦᠭᠦᠲᠡ ᠳᠦᠷᠪᠡᠨ ᠭᠠᠷ ᠲᠠᠢ
 ᠪᠥᠬᠥᠶ᠋ᠢᠨ ᠰᠠᠭᠤᠪᠠᠯ ᠬᠦᠮᠦᠨ
 ᠪᠥᠭᠴᠦᠢᠵᠦ ᠶᠠᠪᠤᠪᠠᠯ ᠨᠣᠬᠠᠢ
              ( ᠰᠠᠮᠵᠠ)

 ᠭᠠᠯ ᠤᠯᠠᠭᠠᠨ ᠨᠢᠭᠤᠷ ᠲᠠᠢ ᠪᠣᠯᠪᠠᠴᠤ ᠭᠤᠶᠤ ᠪᠢᠰᠢ
 ᠭᠠᠷ ᠤᠷᠠᠨ ᠳᠠᠭᠤᠷᠢᠶᠠᠬᠤ ᠪᠣᠯᠪᠠᠴᠤ ᠬᠥᠲᠡᠯᠮᠦᠷᠢᠴᠢ ᠪᠢᠰᠢ
 ᠭᠠᠲᠠᠷ ᠬᠤᠪᠴᠠᠰᠤ ᠨᠢ ᠪᠦᠲᠦᠨ ᠪᠣᠯᠪᠠᠴᠤ ᠰᠠᠭᠤᠲᠠᠯ ᠴᠣᠭᠣᠷᠣᠬᠠᠢ
 ᠭᠠᠵᠠᠷ ᠣᠷᠣᠨ ᠊ᠢ ᠨᠢ ᠠᠵᠢᠬᠯᠠᠪᠠᠯ ᠨᠡᠷᠡᠶ᠋ᠢᠤᠠᠬᠦ  ‍ᠳᠤ ᠪᠡᠷᠬᠡ
               ( ᠰᠠᠮᠵᠠ)

      ᠦᠰᠦᠭ  ᠠᠮᠢᠯᠠᠭᠤᠯᠤᠭᠰᠠᠨ ᠨᠢ :   ᠳ᠋ᠦ᠋ᠩ ᠹᠧᠩ ᠂  ᠮᠢᠩᠭᠠᠳ · ᠴᠢᠮᠡᠭ  ᠂  ᠬᠠᠷᠠᠨᠤᠳ · ᠲᠤᠶᠠᠭ᠎ᠠ 
          ᠬᠢᠨᠠᠭᠴᠢ ᠄   ᠬᠠᠷᠠᠨᠤᠳ · ᠲᠤᠶᠠᠭ᠎ᠠ ᠂  ᠮᠢᠩᠭᠠᠳ ·  ᠴᠢᠮᠡᠭ