ᠬᠣᠨᠢᠴᠢᠨ ᠭᠤᠸᠠᠢ ᠮᠢᠨᠢ ᠶᠠᠭᠠᠬᠢᠯ᠎ᠠ ᠳ᠋ᠠ ( ᠣᠷᠱᠤᠨ ᠭᠣᠣᠯ ) - ᠦᠭᠡ ᠄ ᠦ‍ · ᠸᠴᠢᠷᠲᠤᠷᠵᠢ ᠂ ᠠᠶ᠎ᠠ ᠄ ᠳᠦ‍ ᠂ ᠳᠦᠭᠦᠷ Хоньчин гуай минь яал даа - Үг ᠄ Ө · Очирдорж ᠂ ая ᠄ Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠨᠢᠴᠢᠨ ᠭᠤᠸᠠᠢ ᠮᠢᠨᠢ ᠶᠠᠭᠠᠬᠢᠯ᠎ᠠ ᠳ᠋ᠠ ( ᠣᠷᠱᠤᠨ ᠭᠣᠣᠯ ) - ᠦᠭᠡ ᠄ ᠦ‍ · ᠸᠴᠢᠷᠲᠤᠷᠵᠢ ᠂ ᠠᠶ᠎ᠠ ᠄ ᠳᠦ‍ ᠂ ᠳᠦᠭᠦᠷ Хоньчин гуай минь яал даа - Үг ᠄ Ө · Очирдорж ᠂ ая ᠄ Д · Дүгүр

ᠬᠣᠨᠢᠴᠢᠨ ᠭᠤᠸᠠᠢ ᠮᠢᠨᠢ ᠶᠠᠭᠠᠬᠢᠯ᠎ᠠ ᠳ᠋ᠠ ( ᠣᠷᠱᠤᠨ ᠭᠣᠣᠯ ) - ᠦᠭᠡ ᠄ ᠦ‍ · ᠸᠴᠢᠷᠲᠤᠷᠵᠢ ᠂ ᠠᠶ᠎ᠠ ᠄ ᠳᠦ‍ ᠂ ᠳᠦᠭᠦᠷ Хоньчин гуай минь яал даа - Үг ᠄ Ө · Очирдорж ᠂ ая ᠄ Д · Дүгүр

ᠠᠩᠭᠢᠯᠠᠯ:ᠳᠠᠭᠤᠤ ᠬᠥᠭᠵᠢᠮ
2023-04-17

317

ᠬᠣᠨᠢᠴᠢᠨ ᠭᠤᠸᠠᠢ ᠮᠢᠨᠢ ᠶᠠᠭᠠᠬᠢᠯ᠎ᠠ ᠳ᠋ᠠ


                      ᠦᠭᠡ ᠄ ᠦ‍ · ᠸᠴᠢᠷᠲᠤᠷᠵᠢ   
             ᠠᠶ᠎ᠠ ᠄  ᠳᠦ‍ ᠂ ᠳᠦᠭᠦᠷ   

 ᠮᠠᠯ ᠶ᠋ᠢᠠᠷ ᠶᠠᠪᠤᠭᠰᠠᠨ ᠤᠯᠠᠨ ᠠᠶ᠋ᠢᠯ 
 ᠮᠠᠯᠵᠢᠵᠤ ᠠᠷᠠᠴᠢᠯᠠᠭᠠᠳ ᠵᠠᠪ ᠦᠭᠡᠢ 
 ᠮᠠᠨ ᠪ ᠪᠠᠷᠢᠭᠠᠲᠠ ᠶ᠋ᠢᠨ ᠲᠡᠷᠡ ᠨᠢᠭᠡ ᠬᠤᠨᠢᠴᠢᠨ 
 ᠮᠣᠷᠲᠠᠭᠰᠠᠨ ᠴᠠᠭ ᠠ᠋ᠴᠠ ᠪᠠᠷ᠎ᠠ ᠦᠭᠡᠢ 
 ᠠᠮᠤᠭᠤᠯᠠᠩ ᠪᠠᠯᠭᠠᠰᠤ ᠶ᠋ᠢᠨ ᠭᠤᠸᠠᠩᠵᠠᠨ  ᠳ᠋ᠤ᠌
 ᠠᠯᠠᠭ ᠮᠣᠷᠢ ᠨᠢ ᠰᠣᠶ᠋ᠢᠬ᠋᠎ᠠ ᠲᠠᠢ 
 ᠠᠪᠤᠭᠠᠳ ᠶᠠᠪᠤᠭᠰᠠᠨ ᠴᠠᠯᠢᠩ ᠵᠣᠭᠣᠰ ᠨᠢ
 ᠠᠷᠪᠠᠨ ᠮᠥᠩᠭᠥ ᠴᠤ᠌ ᠦᠯᠡᠲᠡᠭᠡ ᠦᠭᠡᠢ
 ᠠᠢ ᠳ᠋ᠠ ᠬᠦᠭᠡᠷᠦᠬᠦᠢ ᠶᠠ  ᠠᠢ ᠳ᠋ᠠ ᠬᠦᠭᠡᠷᠦᠬᠦᠢ
 ᠠᠪᠤᠭᠠᠳ ᠶᠠᠪᠤᠭᠰᠠᠨ ᠴᠠᠯᠢᠩ ᠵᠣᠭᠣᠰ ᠨᠢ 
 ᠠᠷᠪᠠᠨ ᠮᠥᠩᠭᠥ ᠴᠤ᠌ ᠦᠯᠡᠲᠡᠭᠡ ᠦᠭᠡᠢ

 ᠬᠦᠷᠰᠢ ᠡᠷᠦᠬᠡ ᠠᠶ᠋ᠢᠯ ᠦ᠋ᠳ ᠨᠢ
 ᠬᠦᠲᠡᠯᠵᠦ ᠤᠷᠢᠯᠠᠭᠠᠳ ᠴᠢᠯᠥᠭᠡ ᠦᠭᠡᠢ ᠂
 ᠬᠦᠯᠴᠦᠭᠦᠷᠡᠵᠦ ᠲᠡᠨᠦᠭᠡ ᠬᠤᠨᠢᠴᠢᠨ ᠭᠣᠸᠠᠢ
 ᠬᠦᠯᠲᠡᠵᠦ ᠠᠷᠠᠢ ᠯᠠ ᠰᠦᠢᠲᠦᠭᠡ ᠦᠭᠡᠢ
 ᠬᠠᠷ᠎ᠠ  ᠪᠠᠭᠤᠴᠠᠨ  ᠳ᠋ᠤ᠌ ᠬᠤᠴᠤᠷᠤᠭᠰᠠᠨ
 ᠬᠠᠶ᠋ᠢᠷᠠᠲᠠᠢ ᠡᠬᠡᠨᠡᠷ ᠨᠢ ᠵᠣᠪᠠᠨᠢᠯ ᠲᠠᠢ
 ᠬᠠᠷᠠᠵᠤ ᠳᠠᠭᠠᠭᠠᠴᠢᠯᠠᠭᠰᠠᠨ ᠰᠦᠷᠦᠭ ᠨᠢ
 ᠬᠠᠷᠢᠨ ᠪᠦᠷ ᠴᠤ᠌ ᠰᠦᠢᠲᠦᠯ ᠲᠡᠢ ᠃

 ᠤᠯᠠᠷᠢᠯ ᠦ᠋ᠨ ᠳᠠᠭᠠᠭᠠᠴᠢᠯᠠᠯᠲᠠ ᠶ᠋ᠢ ᠳ᠋ᠦ᠋ᠩᠨᠡᠬᠦ  ᠳ᠋ᠤ᠌
 ᠣᠯᠠᠩᠬᠢ ᠡᠷᠦᠬᠡ ᠦ᠋ᠳ ᠱᠠᠩᠨᠠᠯ ᠲᠠᠢ
 ᠣᠨᠴᠠ ᠮᠠᠨ ᠪ ᠬᠣᠨᠢᠴᠢᠨ ᠭᠣᠸᠠᠢ ᠯᠡ 
 ᠣᠪᠣᠬ᠋᠎ᠠ ᠠᠷᠪᠢᠨ  ᠲᠦᠯᠦᠪᠦᠷᠢ ᠲᠡᠢ ᠃

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃ 1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠳᠠᠰᠢᠮ᠎ᠠ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ15 ᠪ ᠡᠲᠦᠷ