ᠡᠪᠦᠯ᠎  ᠤᠨ ᠤᠶᠠᠷᠠᠯ - ᠲ ᠂ ᠭᠣᠮᠪᠣᠵᠠᠪ Өвлийн уярал - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠯ᠎  ᠤᠨ ᠤᠶᠠᠷᠠᠯ - ᠲ ᠂ ᠭᠣᠮᠪᠣᠵᠠᠪ Өвлийн уярал - Т ᠂ Гомбожав

ᠡᠪᠦᠯ᠎  ᠤᠨ ᠤᠶᠠᠷᠠᠯ - ᠲ ᠂ ᠭᠣᠮᠪᠣᠵᠠᠪ Өвлийн уярал - Т ᠂ Гомбожав

2023-04-17

269

ᠡᠪᠦᠯ᠎  ᠤᠨ ᠤᠶᠠᠷᠠᠯ


         ᠲ ᠂  ᠭᠣᠮᠪᠣᠵᠠᠪ  

 ᠥᠷᠥᠭᠡᠨ ᠪ ᠮᠢᠨᠢ ᠰᠠᠷᠠᠪᠴᠢᠨ ᠳ᠋ᠦ᠍ 
 ᠡᠪᠦᠯ ᠡᠯᠭᠦᠭᠳᠡᠴᠢᠬᠡᠭᠡᠳ 
 ᠦᠭᠡ ᠴᠤ᠌ ᠦᠭᠡᠢ ᠲᠠᠭᠤ ᠴᠤ᠌ ᠦᠭᠡᠢ ᠤᠬᠢᠯᠠᠵᠤ ᠪᠠᠶ᠋ᠢᠬᠤ ᠶ᠋ᠢ 
 ᠦᠲᠡ ᠶ᠋ᠢᠨ ᠨᠠᠷᠠ ᠪᠢᠲᠡ ᠬᠣᠶᠠᠷ ᠣᠯᠵᠤ ᠦᠵᠡᠯ᠎ᠡ 

 ᠨᠢᠯᠪᠤᠰᠤ ᠨᠢ ᠴᠢᠪ ᠴᠢᠪ ᠳᠤᠰᠤᠯᠠᠨ᠎ᠠ 
 ᠨᠤᠪ ᠨᠤᠶ᠋ᠢᠲᠠᠨ ᠤᠶᠠᠷᠠᠯ ᠲᠡᠷᠡ ‍ᠤᠤ ? 
 ᠬᠥᠪ ᠬᠦᠢᠲᠡᠨ ᠥᠨᠥᠴᠢᠷᠡᠯ ᠲᠡᠷᠡ  ‍ᠤᠤ ? 

 ᠭᠠᠲᠠᠨ᠎ᠠ ᠵᠢᠭᠡᠭᠦᠨ ᠪᠠᠶ᠋ᠢᠨ᠎ᠠ 
 ᠭᠠᠯᠠᠭᠤ ᠡᠮᠦᠨᠡᠰᠢ ᠣᠤᠠᠴᠠᠢ
 ᠭᠠᠩᠭᠠᠩ ᠪᠠᠶ᠋ᠢᠭᠠᠯᠢ ᠠᠯᠢᠪᠠ ᠰᠠᠶ᠋ᠢᠬᠠᠨ ‍ᠶ᠋ᠢᠠᠨ ᠭᠠᠵᠠᠷ ᠲᠤ ᠨᠢᠭᠤᠵᠤ
 ᠭᠠᠯ ᠂ ᠤᠯᠠᠮ ᠤᠯᠠᠮ ᠳᠦᠷᠡᠯᠵᠡᠵᠦ ᠪᠠᠶ᠋ᠢᠨ᠎ᠠ 

 ᠡᠪᠦᠯ ᠡ
 ᠥᠴᠥᠭᠡᠲᠦᠷ ᠰᠥᠨᠢ ᠶ᠋ᠢᠨ ᠬᠤᠪᠠᠬᠠᠢ ᠵᠡᠭᠦᠲᠦᠨ ᠪ
 ᠦᠯᠢᠭᠡᠷ ᠨᠢ ᠣᠲᠣ ᠳᠠᠭᠤᠰᠴᠤ ᠪᠠᠶ᠋ᠢᠨ᠎ᠠ ‍ᠤᠤ ?

 ᠪᠢ
 ᠤᠶᠠᠷᠠᠵᠤ ᠪᠠᠶ᠋ᠢᠬ᠋᠎ᠠ ᠲᠡᠭᠦᠨ ᠪ
 ᠤᠷᠤᠭᠤ ᠳᠤᠰᠤᠯᠠᠬᠤ ᠨᠢᠯᠪᠤᠰᠤᠨ ᠳᠤᠮᠳᠠ ᠠ᠋ᠴᠠ
 ᠬᠠᠩᠭᠠᠢ ᠳᠠᠪᠠᠨ ᠵᠢᠷᠭᠢᠭᠡᠳ ᠢᠷᠡᠬᠦ
 ᠬᠠᠷᠢᠶᠠᠴᠠᠢ ᠶ᠋ᠢᠨ ᠳᠠᠭᠤᠨ  ᠳ᠋ᠦ᠍ ᠰᠣᠭᠲᠣᠵᠤ ᠪᠠᠶ᠋ᠢᠨ᠎ᠠ ᠡ 

    ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃
 
        ᠦᠰᠦᠭ ᠠᠮᠢᠯᠠᠭᠤᠯᠤᠭᠰᠠᠨ ᠨᠢ ᠄  ᠲᠡᠭᠷᠢ ᠡᠵᠢ
         ᠬᠢᠨᠠᠭ᠍ᠴᠢ ᠄    ᠴᠣᠯᠮᠣᠨᠲᠤᠶᠠᠭ᠎ᠠ  ᠪᠠᠭ᠍ᠰᠢ
              2023 ᠣᠨ ᠪ 4 ᠰᠠᠷ᠎ᠠ ᠶ᠋ᠢᠨ 15 ᠪ ᠡᠲᠦᠷ