ᠣᠷᠱᠤᠨ ᠮᠢᠨᠢ - ᠦᠭᠡ ᠄ ᠪᠠ · ᠲᠦᠪᠰᠢᠨᠵᠢᠷᠭᠠᠯ ᠂ ᠠᠶ᠎ᠠ ᠄ ᠳᠦ ᠂ ᠳᠦᠭᠦᠷ Оршин минь - Үг ᠄ Б · Түвшинжаргал ᠂ Ая ᠄ Д · Дүгүр
ᠣᠷᠱᠤᠨ ᠮᠢᠨᠢ
ᠦᠭᠡ ᠄ ᠪᠠ · ᠲᠦᠪᠰᠢᠨᠵᠢᠷᠭᠠᠯ
ᠠᠶ᠎ᠠ ᠄ ᠳᠦ ᠂ ᠳᠦᠭᠦᠷ
ᠮᠡᠯᠮᠡᠯᠵᠡᠩᠬᠡᠨ ᠴᠡᠩᠬᠡᠷᠯᠡᠩᠬᠡᠨ ᠱᠤᠤᠭᠢᠭᠠᠳ ᠪᠠᠶ᠋ᠢᠨ᠎ᠠ
ᠮᠥᠩᠭᠥᠨ ᠳᠣᠯᠭᠢᠶᠠᠨᠲᠤ ᠣᠷᠱᠤᠨ ᠮᠢᠨᠢ
ᠮᠡᠨᠡᠩ ᠦ᠋ᠨ ᠲᠠᠯ᠎ᠠ ᠶ᠋ᠢᠨ ᠰᠡᠷᠮᠡᠭᠦᠨ ᠪᠡᠯᠴᠢᠭᠡᠷ ᠶ᠋ᠢᠡᠷ
ᠮᠡᠨᠲᠦ ᠶ᠋ᠢ ᠨᠢ ᠠᠰᠠᠭᠤᠭᠠᠳ ᠮᠢᠷᠠᠯᠵᠠᠩᠬᠠᠨ ᠪᠠᠶ᠋ᠢᠨ᠎ᠠ ᠤᠤ ᠳ᠋ᠠ ᠃
ᠬᠥᠭᠡᠰᠦᠷᠡᠩᠬᠡᠨ ᠳᠣᠯᠭᠢᠶᠠᠯᠠᠩᠬᠠᠨ ᠡᠷᠡᠴᠢᠯᠡᠭᠡᠳ ᠪᠠᠶ᠋ᠢᠨ᠎ᠠ
ᠬᠥᠬᠡ ᠴᠡᠩᠬᠡᠢ ᠣᠷᠱᠤᠨ ᠮᠢᠨᠢ ᠂
ᠬᠥᠭᠵᠢᠯᠲᠦ ᠨᠤᠲᠤᠭ ᠦ᠋ᠨ ᠮᠢᠨᠢ ᠳᠤᠮᠳᠠᠭᠤᠷ
ᠬᠦᠯᠦᠨ ᠡᠵᠢ ᠪᠡᠨ ᠵᠣᠷᠢᠩᠬᠠᠨ ᠪᠠᠶ᠋ᠢᠨ᠎ᠠ ᠤᠤ ᠳ᠋ᠠ ᠃
ᠪᠣᠷᠭᠢᠯᠠᠩᠬᠠᠨ ᠬᠠᠯᠭᠢᠯᠠᠩᠬᠠᠨ ᠤᠷᠤᠰᠤᠭᠠᠳ ᠪᠠᠶ᠋ᠢᠨ᠎ᠠ
ᠪᠣᠯᠣᠷ ᠲᠤᠩᠭᠠᠯᠠᠭ ᠣᠷᠱᠤᠨ ᠮᠢᠨᠢ ᠂
ᠪᠠᠶᠠᠨ ᠮᠣᠩᠭᠣᠯ ᠣᠷᠣᠨ ᠪ ᠪᠠᠨ
ᠠᠯᠲᠠᠷ ᠊ᠢ ᠳᠠᠭᠤᠯᠠᠭᠠᠳ ᠠᠶᠠᠯᠠᠩᠬᠠᠨ ᠪᠠᠶ᠋ᠢᠨ᠎ᠠ ᠤᠤ ᠳ᠋ᠠ ᠃
ᠠᠯᠲᠠᠷ ᠊ᠢ ᠨᠢ ᠳᠠᠭᠤᠯᠠᠭᠠᠳ ᠠᠶᠠᠯᠠᠩᠬᠠᠨ ᠪᠠᠶ᠋ᠢᠨ᠎ᠠ ᠤᠤ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃ 1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ15 ᠪ ᠡᠲᠦᠷ


