ᠰᠦ ᠲᠡᠢ ᠪᠤᠷᠬᠠᠨ ᠡᠵᠢ- ᠴᠠᠭᠠᠨᠴᠡᠴᠡᠭСүүтэй бурхан ээж-цагаанцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦ ᠲᠡᠢ ᠪᠤᠷᠬᠠᠨ ᠡᠵᠢ- ᠴᠠᠭᠠᠨᠴᠡᠴᠡᠭСүүтэй бурхан ээж-цагаанцэцэг

ᠰᠦ ᠲᠡᠢ ᠪᠤᠷᠬᠠᠨ ᠡᠵᠢ- ᠴᠠᠭᠠᠨᠴᠡᠴᠡᠭСүүтэй бурхан ээж-цагаанцэцэг

2023-04-16

309

ᠰᠦ ᠲᠡᠢ ᠪᠤᠷᠬᠠᠨ ᠡᠵᠢ

   ᠴᠠᠭᠠᠨᠴᠡᠴᠡᠭ
ᠡᠵᠢ ᠬᠥᠮᠦᠨ ᠡᠨᠡᠷᠢᠯ ᠦ᠋ᠨ ᠲᠩᠷᠢ
ᠡᠯᠢᠭᠡ ᠡᠴᠡ ᠪᠡᠨ ᠰᠦ ᠢᠪᠢᠯᠦᠭᠦᠯᠦᠭᠰᠡᠨ ᠪᠤᠷᠬᠠᠨ
ᠡᠵᠢ ᠬᠥᠮᠦᠨ ᠠᠴᠢ ᠶ᠋ᠢᠨ ᠲᠩᠷᠢ
ᠠᠯᠢᠪᠠ ᠪᠠᠨ ᠦᠷᠡᠰ ᠲᠡᠭᠡᠨ ᠵᠣᠷᠢᠭᠤᠯᠤᠭᠰᠠᠨ ᠠᠴᠢᠲᠤ ᠪᠤᠷᠬᠠᠨ


ᠰᠠᠷᠠ ᠰᠢᠭ᠋ ᠬᠣᠯᠠ ᠭᠠᠵᠠᠷ ᠠ᠋ᠴᠠ
ᠰᠠᠨᠠᠭᠰᠠᠨ ᠰᠢᠦ ᠲᠠᠨ ᠊ᠢ ᠪᠡᠨ 

ᠰᠠᠷᠠᠨ ᠭᠤᠸ᠋᠎ᠠ ᠲᠥᠷᠬᠦ ᠶ᠋ᠢ ᠲᠠᠨᠢ
ᠰᠡᠳᠬᠢᠯ ᠵᠢᠷᠦᠬᠡᠨ ᠳ᠋ᠡᠭᠡᠨ ᠰᠢᠢᠢᠯᠦᠭᠰᠡᠨ ᠰᠢᠦ


ᠬᠥᠬᠡ ᠲᠣᠷᠭᠠᠨ ᠳᠡᠪᠡᠯ ᠦ᠋ᠨ ᠢ᠋ᠶ᠋ᠡᠨ
ᠬᠥᠪᠦᠭᠡ  ᠶ᠋ᠢ ᠨᠢ ᠡᠮᠵᠢᠵᠦ ᠪᠠᠶ᠋ᠢᠨ᠎ᠠ ᠭᠡᠵᠦ ᠵᠡᠭᠦᠳᠦᠯᠡᠭᠰᠡᠨ
ᠬᠥᠮᠦᠨ ᠮᠥᠰᠥ ᠲᠡᠢ ᠶᠠᠪᠤᠬᠤ ᠶᠤᠮ ᠰᠢᠦ ᠭᠡᠵᠦ
ᠬᠥᠮᠦᠵᠢᠭᠦᠯᠵᠦ ᠪᠠᠶ᠋ᠢᠬᠰᠠᠨ ᠊ᠢ ᠨᠢ ᠵᠡᠭᠦᠳᠦᠯᠡᠭᠰᠡᠨ


ᠮᠥᠩᠬᠡ ᠲᠩᠷᠢ ᠡᠴᠡ ᠭᠤᠶᠤᠭᠰᠠᠨ ᠴᠤ᠌
ᠮᠥᠩᠬᠡᠷᠡᠭᠦᠯᠵᠦ ᠥᠭᠳᠡᠭ ᠦᠭᠡᠢ ᠨᠢ ᠬᠣᠷᠸ᠋᠎ᠠ ᠶ᠋ᠢᠨ ᠵᠢᠮ᠎ᠡ ᠴᠦ᠍
ᠮᠥᠩᠬᠡ ᠨᠣᠭᠣᠭᠠᠨ ᠨᠠᠷᠠᠰᠤ ᠰᠢᠭ᠋ 

ᠮᠢᠨᠦ ᠰᠡᠳᠬᠢᠯ ᠳ᠋ᠦ᠍ ᠮᠥᠩᠬᠡᠷᠡᠬᠦ ᠶᠦ᠍ᠮ ᠡᠵᠢ ᠮᠢᠨᠢ

ᠰᠦᠮᠪᠦᠷ ᠠᠭᠤᠯᠠ ᠰᠢᠭ᠋ ᠠᠴᠢ ᠲᠠᠢ
ᠰᠦ ᠲᠡᠢ ᠪᠤᠷᠬᠠᠨ ᠡᠵᠢ ᠮᠢᠨᠢ ᠠ᠋
ᠰᠦᠰᠦᠭ ᠪᠢᠰᠢᠷᠡᠯ ᠦ᠋ᠨ ᠮᠢᠨᠢ ᠰᠢᠲᠦᠭᠡᠨ ᠪᠣᠯᠤᠭᠰᠠᠨ
ᠰᠦ ᠲᠡᠢ ᠪᠤᠷᠬᠠᠨ ᠡᠵᠢ ᠮᠢᠨᠢ ᠠ᠋

   ᠦᠰᠦᠭ ᠠᠮᠢᠯᠠᠭᠤᠯᠤᠭᠴᠢ ᠄

   ᠬᠢᠨᠠᠭᠴᠢ ᠄ ᠣᠤᠠᠬᠠᠨᠰᠣ ‍ᠠ᠋