ᠪᠡᠶ᠎ᠡ ᠶ᠋ᠢᠨ ᠲᠠᠮᠢᠷ- ᠳ · ᠨᠠᠴᠤᠭᠳᠣᠷᠵᠢБиеийн тамир-д· нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠶ᠎ᠡ ᠶ᠋ᠢᠨ ᠲᠠᠮᠢᠷ- ᠳ · ᠨᠠᠴᠤᠭᠳᠣᠷᠵᠢБиеийн тамир-д· нацагдорж

ᠪᠡᠶ᠎ᠡ ᠶ᠋ᠢᠨ ᠲᠠᠮᠢᠷ- ᠳ · ᠨᠠᠴᠤᠭᠳᠣᠷᠵᠢБиеийн тамир-д· нацагдорж

2023-04-16

301

ᠪᠡᠶ᠎ᠡ ᠶ᠋ᠢᠨ ᠲᠠᠮᠢᠷ

    ᠳ · ᠨᠠᠴᠤᠭᠳᠣᠷᠵᠢ
ᠴᠢᠭᠢᠷᠠᠭ ᠪᠡᠶ᠎ᠡ ᠶ᠋ᠢᠨ ᠪᠡᠬᠢᠯᠢᠭ ᠪᠤᠯᠴᠢᠩ ᠵᠠᠩᠭᠢᠷᠠᠮ᠎ᠠ ᠦᠶ᠎ᠡ ᠭᠦᠢᠴᠡᠭᠡᠳ ᠂
ᠳᠣᠯᠭᠢᠯᠠᠮ᠎ᠠ ᠨᠠᠰᠤᠨ ᠤ᠋ ᠴᠠᠯᠭᠢᠯᠠᠮ᠎ᠠ ᠴᠢᠳᠠᠯ ᠪᠦᠷᠢᠳᠬᠦ ᠴᠢᠨᠠᠷ ᠲᠠᠭᠠᠨ ᠬᠦᠷᠪᠡ ᠃
ᠵᠤᠨ ᠤ᠋ ᠴᠠᠭ ᠤ᠋ᠨ ᠪᠠᠶᠠᠰᠬᠤᠯᠠᠩᠲᠤ ᠡᠳᠦᠷ ᠦ᠋ᠨ ᠴᠡᠩᠬᠡᠷᠯᠡᠬᠦ ᠲᠤᠩᠭᠠᠯᠠᠭ ᠠᠭᠠᠷ ᠲᠤ᠌
ᠴᠢᠯᠥᠭᠡᠲᠦ ᠦᠶ᠎ᠡ ᠶ᠋ᠢᠨ ᠪᠠᠳᠠᠷᠠᠩᠭᠤᠢ ᠵᠣᠬᠢᠶᠠᠯᠲᠤ ᠰᠠᠢᠬᠠᠨ ᠡᠳᠦᠷ ᠂
ᠤᠶᠠᠩᠭᠠᠲᠤ ᠬᠥᠭᠵᠢᠮ ᠦ᠋ᠨ ᠬᠠᠩᠭᠢᠨᠠᠬᠤ ᠡᠭᠡᠰᠢᠭ ᠪᠦᠭᠦᠳᠡ ᠶ᠋ᠢᠨ ᠵᠣᠷᠢᠭ ᠊ᠢ ᠬᠥᠭᠵᠢᠭᠡᠵᠦ
ᠤᠷᠢᠬᠠᠨ ᠰᠠᠯᠬᠢᠨ ᠤ᠋ ᠰᠡᠷᠢᠭᠦᠴᠡᠭᠦᠯᠬᠦ ᠤᠷᠤᠰᠬᠠᠯ ᠳᠡᠯᠡᠬᠡᠢ ᠶ᠋ᠢᠨ ᠠᠮᠢᠰᠬᠤᠯ ᠊ᠢ ᠠᠮᠰᠠᠭᠤᠯᠤᠨ
ᠪᠠᠶᠠᠰᠬᠤᠯᠠᠩᠲᠤ ᠳᠠᠯᠠᠪᠴᠢ ᠶ᠋ᠢᠨ ᠲᠤᠩᠭᠠᠯᠠᠭ ᠥᠩᠭᠡ ᠣᠭᠲᠠᠷᠭᠤᠢ ᠳ᠋ᠤ᠌ ᠲᠣᠳᠣᠷᠠᠵᠤ ᠂
ᠪᠠᠬᠠᠲᠠᠢ ᠢᠳᠡᠷᠴᠦᠳ ᠦ᠋ᠨ ᠴᠢᠷᠠᠢ ᠳ᠋ᠤ᠌ ᠪᠠᠶᠠᠷ ᠤ᠋ᠨ ᠰᠣᠯᠣᠩᠭ᠎ᠠ ᠲᠠᠲᠠᠨ᠎ᠠ ᠃ 

ᠡᠩᠬᠡ ᠰᠠᠷᠠᠭᠤᠯ ᠡᠷᠬᠢᠮ ᠪᠡᠶ᠎ᠡ ᠶ᠋ᠢ ᠲᠠᠮᠢᠷ ᠢ᠋ᠶ᠋ᠠᠷ ᠰᠢᠯᠭᠠᠵᠤ 

ᠡᠷᠡᠭᠦᠯ ᠴᠢᠭᠢᠷᠠᠭ ᠵᠢᠷᠭᠠᠯᠠᠩ ᠲᠠᠢ ᠣᠷᠣᠰᠢᠬᠤ ᠶ᠋ᠢ ᠡᠭᠦᠷᠢᠳᠡ ᠡᠷᠬᠢᠮᠯᠡᠨ ᠂
ᠡᠷᠲᠡᠨ ᠦ᠌ ᠠᠯᠳᠠᠷᠲᠤ ᠡᠷ᠎ᠡ ᠶ᠋ᠢᠨ ᠨᠠᠭᠠᠳᠤᠮ ᠡᠷ᠎ᠡ ᠶ᠋ᠢᠨ ᠬᠦᠴᠦ ᠶ᠋ᠢ ᠦᠵᠡᠭᠦᠯᠦᠨ 

ᠡᠷᠡᠭᠦᠯ ᠴᠢᠷᠠᠢ ᠡᠷᠴᠢᠮᠲᠦ ᠪᠡᠶᠡᠰ ᠨᠡᠶ᠋ᠢᠲᠡ ᠶ᠋ᠢᠨ ᠰᠡᠳᠬᠢᠯ ᠊ᠢ ᠬᠥᠳᠡᠯᠭᠡᠨ᠎ᠡ ᠃


ᠴᠡᠪᠡᠷ ᠡᠷᠡᠭᠦᠯ ᠡᠷᠡᠭᠦᠯ ᠴᠢᠭᠢᠷᠠᠭ ᠲᠡᠭᠦᠯᠳᠡᠷ ᠪᠡᠶ᠎ᠡ ᠳ᠋ᠦ᠍ ᠡᠪᠡᠳᠴᠢᠨ ᠦᠯᠦ ᠬᠦᠷᠦᠨ᠎ᠡ ᠂
ᠴᠡᠩᠭᠡᠯ ᠵᠢᠷᠭᠠᠯ ᠪᠠᠶᠠᠷ ᠲᠡᠷᠢᠭᠦᠲᠡᠨ ᠡᠷᠡᠭᠦᠯ ᠬᠥᠮᠦᠨ ᠳ᠋ᠦ᠍ ᠬᠡᠷᠡᠭ ᠲᠡᠢ ᠃
ᠬᠥᠮᠦᠨ ᠲᠥᠷᠥᠯᠬᠢᠲᠡᠨ ᠳ᠋ᠦ᠍ ᠡᠷᠡᠭᠦᠯ ᠶᠠᠪᠤᠬᠤ ᠶ᠋ᠢᠨ ᠨᠥᠬᠥᠴᠡᠯ ᠪᠣᠯᠤᠭᠰᠠᠨ
ᠡᠷᠬᠢᠮ ᠠᠷᠭ᠎ᠠ ᠮᠠᠬᠠᠪᠣᠳ ᠤ᠋ᠨ ᠰᠠᠶ᠋ᠢᠵᠢᠷᠠᠯ ᠪᠡᠶ᠎ᠡ ᠶ᠋ᠢᠨ ᠲᠠᠮᠢᠷ ᠊ᠢ ᠰᠤᠳᠤᠯᠤᠶ᠎ᠠ ᠃

   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋