ᠡᠬᠡ ᠬᠡᠯᠡ ᠮᠢᠨᠢ- ᠲᠣ᠋ ᠲᠡᠯᠭᠡᠷᠰᠠᠩЭх хэл минь-Т дэлгэрсэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡ ᠮᠢᠨᠢ- ᠲᠣ᠋ ᠲᠡᠯᠭᠡᠷᠰᠠᠩЭх хэл минь-Т дэлгэрсэн

ᠡᠬᠡ ᠬᠡᠯᠡ ᠮᠢᠨᠢ- ᠲᠣ᠋ ᠲᠡᠯᠭᠡᠷᠰᠠᠩЭх хэл минь-Т дэлгэрсэн

2023-04-16

324

ᠡᠬᠡ ᠬᠡᠯᠡ ᠮᠢᠨᠢ

   ᠲᠣ᠋  ᠲᠡᠯᠭᠡᠷᠰᠠᠩ
ᠬᠠᠷᠠᠭᠠᠨ ᠳ᠋ᠤ᠌ ᠪᠠᠭᠲᠠᠬᠤ ᠦᠭᠡᠢ ᠲᠠᠯ᠎ᠠ ᠶ᠋ᠢᠨ
ᠰᠠᠨᠠᠭᠠᠨ ᠳ᠋ᠤ᠌ ᠪᠠᠯᠠᠷᠠᠬᠤ ᠦᠭᠡᠢ ᠨᠤᠲᠤᠭ ᠤ᠋ᠨ
ᠬᠠᠨ᠎ᠠ ᠲᠠᠢ ᠭᠡᠷ ᠲᠦ᠍ ᠲᠥᠷᠥᠯ᠎ᠡ ᠪᠢ
ᠬᠤᠷᠠᠭ᠎ᠠ ᠶ᠋ᠢᠨ ᠮᠠᠢᠯᠠᠭᠠᠨ ᠳ᠋ᠤ᠌ ᠦᠰᠦᠯ᠎ᠡ ᠪᠢ ᠃

ᠡᠮᠧ ᠭᠡᠳᠡᠭ ᠦᠭᠡ ᠪᠡᠷ
ᠡᠬᠢᠯᠡᠵᠦ ᠬᠡᠯᠡ ᠳ᠋ᠦ᠍ ᠣᠷᠣᠯ᠎ᠠ ᠃
ᠰᠠᠢᠨ ᠤᠤ ᠭᠡᠳᠡᠭ ᠦᠭᠡ ᠪᠡᠷ
ᠰᠠᠢᠬᠠᠨ ᠵᠠᠩ ᠰᠤᠷᠤᠯ᠎ᠠ ᠃

ᠡᠮᠧ ᠭᠡᠳᠡᠭ ᠦᠭᠡ ᠪᠣᠯ
ᠡᠬᠡ ᠮᠣᠩᠭᠣᠯ ᠬᠡᠯᠡ ᠮᠢᠨᠢ ᠪᠢᠯᠡ ᠃ 

ᠰᠠᠢᠨ ᠤᠤ ᠭᠡᠳᠡᠭ ᠦᠭᠡ ᠪᠣᠯ
ᠰᠠᠢᠬᠠᠨ ᠮᠣᠩᠭᠣᠯ ᠵᠠᠩ ᠮᠢᠨᠢ ᠪᠢᠯᠡ ᠃

ᠬᠣᠪᠣᠷ ᠰᠠᠢᠬᠠᠨ ᠬᠡᠯᠡ ᠪᠡᠷ ᠢ᠋ᠶ᠋ᠡᠨ
ᠬᠣᠣᠰ ᠦᠭᠡᠢ ᠰᠠᠢᠬᠠᠨ ᠵᠠᠩ ᠢ᠋ᠶ᠋ᠠᠷ ᠢ᠋ᠶ᠋ᠠᠨ 

ᠵᠢᠰᠦ ᠢᠵᠢᠯᠳᠡᠨ ᠤ ᠳᠤᠮᠳᠠ
ᠵᠢᠷᠦᠬᠡ ᠮᠢᠨᠢ ᠮᠣᠩᠭᠣᠯ ᠢ᠋ᠶ᠋ᠠᠷ ᠯᠤᠭᠰᠢᠵᠤ ᠪᠠᠢᠨ᠎ᠠ ᠃
ᠤᠤᠬᠠᠢ ! ᠮᠣᠩᠭᠣᠯ ᠬᠥᠮᠦᠨ ᠭᠡᠵᠦ
ᠥᠭᠡᠷ᠎ᠡ ᠬᠡᠯᠡᠲᠡᠨ ᠴᠦ᠍ ᠪᠠᠬᠠᠷᠴᠤ
ᠪᠠᠢᠨ᠎ᠠ ᠃
ᠥᠪᠡᠷ ᠢ᠋ᠶ᠋ᠡᠨ ᠴᠦ᠍ ᠪᠢ
ᠣᠮᠣᠭᠰᠢᠵᠤ ᠪᠠᠢᠨ᠎ᠠ ᠃


   ᠦᠰᠦᠭ ᠠᠮᠢᠯᠠᠭᠤᠯᠤᠭᠴᠢ ᠄ ᠬᠣᠷᠯᠣ
   
ᠬᠢᠨᠠᠭᠴᠢ ᠄ ᠡᠷᠲᠡᠨᠢᠬᠦᠦ  ᠣᠤᠠᠬᠠᠨᠰᠣ ‍ᠠ᠋