ᠠᠮᠠᠷᠠᠭ ᠬᠣᠶᠠᠷ ( ᠣᠷᠱᠤᠨ ᠭᠣᠣᠯ )– ᠦᠭᠡ ᠂ ᠠᠶ᠎ᠠ ᠄ ᠳᠦ ᠂ ᠳᠦᠭᠦᠷ Амраг хоёр ( Оршин гол ) - Үг ᠂ Ая ᠄ Д ᠂ Дүгүр
ᠠᠮᠠᠷᠠᠭ ᠬᠣᠶᠠᠷ
ᠦᠭᠡ ᠂ ᠠᠶ᠎ᠠ ᠄ ᠳᠦ ᠂ ᠳᠦᠭᠦᠷ
ᠤᠨᠢᠶᠠᠷᠲᠤᠨ ᠴᠡᠩᠬᠡᠷᠯᠡᠨ ᠬᠠᠷᠠᠭᠲᠠᠭᠠᠳ ᠪᠠᠶ᠋ᠢᠲᠠᠭ ᠨᠢ
ᠠᠭᠤᠯᠠ ᠤᠰᠤᠨ ᠪ ᠮᠢᠨᠢ ᠪᠠᠶᠠᠯᠢᠬ ᠦᠵᠡᠮᠵᠢ ᠂
ᠠᠶᠠᠨ ᠪ ᠵᠠᠮ ᠳ᠋ᠠᠭᠠᠨ ᠤᠷᠤᠯᠲᠤᠭᠠᠳ ᠪᠠᠶ᠋ᠢᠲᠠᠭ ᠨᠢ
ᠠᠮᠠᠷᠠᠭ ᠪᠢᠲᠡ ᠬᠣᠶᠠᠷ ᠦ᠋ᠨ ᠠᠮᠠᠯᠠᠯᠲᠠ ᠶᠤᠮ ᠳ᠋ᠠ ᠬᠥᠢ᠃
ᠠᠯᠠᠭᠯᠠᠨ ᠡᠷᠢᠶᠡᠯᠵᠡᠨ ᠦᠵᠡᠭᠳᠡᠭᠡᠳ ᠪᠠᠶ᠋ᠢᠲᠠᠭ ᠨᠢ
ᠠᠩᠭᠢᠷᠲᠤ ᠲᠠᠯ᠎ᠠ ᠶ᠋ᠢᠨ ᠰᠡᠷᠮᠡᠭᠦᠨ ᠦᠵᠡᠮᠵᠢ ᠡ ᠂
ᠠᠶᠤᠤᠯᠢᠬᠠᠢ ᠴᠡᠭᠡᠵᠢᠨ ᠳ᠋ᠤ᠌ ᠪᠣᠲᠣᠭᠲᠠᠭᠠᠳ ᠪᠠᠶ᠋ᠢᠲᠠᠭ ᠨᠢ
ᠠᠯᠢᠶ᠎ᠠ ᠬᠣᠩᠭᠣᠷ ᠦ᠋ᠨ ᠮᠢᠨᠢ ᠠᠭᠠᠰᠢ ᠶᠤᠮ ᠳ᠋ᠠ ᠬᠥ ᠃
ᠮᠠᠨᠠᠨ ᠲᠠᠲᠠᠨ ᠬᠦᠬᠡᠷᠡᠭᠡᠳ ᠪᠠᠶ᠋ᠢᠲᠠᠭ ᠨᠢ
ᠮᠠᠩᠭᠢᠷᠲᠦ ᠶ᠋ᠢᠨ ᠰᠢᠯᠢ ᠶ᠋ᠢᠨ ᠮᠢᠨᠢ ᠭᠣᠶᠣᠬᠠᠨ ᠦᠵᠡᠮᠵᠢ ᠡ ᠂
ᠮᠢᠨᠦ ᠰᠡᠤᠠᠬᠢᠯ ᠳ᠋ᠤ᠌ ᠰᠠᠨᠠᠭᠲᠠᠭᠠᠳ ᠪᠠᠶ᠋ᠢᠲᠠᠭ ᠨᠢ
ᠮᠠᠯᠴᠢᠨ ᠠᠬ᠎ᠠ ᠶ᠋ᠢᠨ ᠮᠢᠨᠢ ᠮᠡᠷᠭᠡᠵᠢᠯ ᠶᠤᠮ ᠳ᠋ᠠ ᠬᠥ ᠃
ᠬᠥᠬᠡᠷᠡᠨ ᠵᠡᠷᠭᠡᠯᠡᠭᠡᠲᠡᠨ ᠬᠠᠷᠠᠭᠲᠠᠭᠠᠳ ᠪᠠᠶ᠋ᠢᠲᠠᠭ ᠨᠢ
ᠬᠥᠲᠡᠭᠡ ᠨᠤᠲᠤᠭ ᠦ᠋ᠨ ᠮᠢᠨᠢ ᠰᠣᠨᠢᠬᠠᠨ ᠦᠵᠡᠮᠵᠢ ᠡ ᠂
ᠬᠥᠭᠵᠢᠯ ᠦ᠋ᠨ ᠵᠠᠮ ᠳ᠋ᠠᠭᠠᠨ ᠭᠢᠯᠠᠯᠵᠠᠭᠠᠳ ᠪᠠᠶ᠋ᠢᠲᠠᠭ ᠨᠢ
ᠬᠥᠲᠡᠯᠮᠦᠷᠢᠴᠢ ᠪᠢᠲᠡ ᠬᠣᠶᠠᠷ ᠦ᠋ᠨ ᠪᠦᠲᠦᠭᠡᠯ ᠶᠤᠮ ᠳ᠋ᠠ ᠬᠦᠢ ᠃
ᠪᠦᠲᠦᠭᠡᠯ ᠶᠤᠮ ᠳ᠋ᠠ ᠬᠥ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠤᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ15 ᠪ ᠡᠲᠦᠷ

