ᠠᠮᠠᠷᠠᠭ ᠮᠢᠨᠢ ᠨᠠᠷᠠ – ᠦᠭᠡ ᠄ ᠠ ᠂ ᠤᠷᠲᠤᠨᠠᠰᠤᠨ ᠂ ᠠᠶ᠎ᠠ ᠄ ᠳᠦ ᠂ ᠳᠦᠭᠦᠷ Амраг минь нар – Үг ᠄ А ᠂ Уртнасан ᠂ Ая ᠄ Д ᠂ Дүгүр
ᠠᠮᠠᠷᠠᠭ ᠮᠢᠨᠢ ᠨᠠᠷᠠ
ᠦᠭᠡ ᠄ ᠠ ᠂ ᠤᠷᠲᠤᠨᠠᠰᠤᠨ
ᠠᠶ᠎ᠠ ᠄ ᠳᠦ ᠂ ᠳᠦᠭᠦᠷ
ᠨᠣᠶ᠋ᠢᠷᠰᠤᠨ ᠦᠲᠡᠯᠡᠭᠡ ᠬᠤᠨ ᠰᠢᠭ᠋
ᠨᠣᠣᠰᠣᠨ ᠴᠠᠭᠠᠨ ᠦᠷᠭᠦᠭᠡ ᠮᠢᠨᠢ
ᠤᠤᠭᠠᠨ ᠳᠤᠯᠤᠩ ᠶ᠋ᠢᠠᠨ ᠴᠤᠪᠤᠷᠠᠭᠤᠯᠤᠭᠰᠠᠨ
ᠥᠷ ᠦ᠋ᠨ ᠬᠢᠷᠭᠠᠨ ᠳ᠋ᠤ᠌ ᠴᠠᠶ᠋ᠢᠯᠵᠠᠨᠠ ᠃
ᠤᠶᠠᠬᠠᠨ ᠬᠣᠩᠭᠣᠷ ᠪᠦᠰᠡᠭᠦᠢ ᠮᠢᠨᠢ
ᠡᠷᠦᠬᠡ ᠶ᠋ᠢᠨ ᠤᠭᠤᠰᠤᠷ ᠶ᠋ᠢᠠᠨ ᠲᠠᠲᠠᠩᠬᠠᠨ ᠃
ᠬᠤᠷᠠᠭᠠᠨ ᠴᠠᠭᠠᠨ ᠡᠭᠦᠯᠡ ᠰᠢᠭ᠌
ᠬᠤᠯᠤᠩ ᠦ᠋ᠨ ᠴᠡᠭᠡᠨ ᠤᠲᠤᠬ᠋᠎ᠠ ᠮᠢᠨᠢ
ᠠᠯᠲᠠᠨ ᠲᠤᠶᠠᠬ᠋᠎ᠠ ᠪᠠᠨ ᠳᠤᠯᠠᠯᠵᠠᠭᠤᠯᠤᠭᠰᠠᠨ
ᠥᠷᠯᠥᠭᠡ ᠶ᠋ᠢᠨ ᠨᠠᠷᠠᠨ ᠳ᠋ᠤ᠌ ᠰᠤᠭᠤᠨᠠᠭᠯᠠᠨ᠎ᠠ ᠃
ᠤᠶᠠᠬᠠᠨ ᠬᠣᠩᠭᠣᠷ ᠪᠦᠰᠡᠭᠦᠢ ᠮᠢᠨᠢ
ᠤᠯᠠᠭᠠᠨ ᠴᠠᠢ ᠪᠠᠨ ᠰᠠᠮᠤᠷᠠᠩᠬᠠᠨ ᠃
ᠳᠡᠪᠬᠡᠷᠬᠡᠨ ᠴᠠᠭᠠᠨ ᠦᠷᠭᠦᠭᠡ ᠮᠢᠨᠢ
ᠲᠠᠯ᠎ᠠ ᠶ᠋ᠢᠨ ᠶ᠋ᠢᠡᠨ ᠳᠡᠨᠵᠢᠨ ᠳ᠋ᠤ᠌ ᠰᠠᠷ᠎ᠠ ᠶᠤᠮ ᠂
ᠲᠣᠩ ᠴᠤ᠌ ᠦᠵᠰᠭᠦᠯᠡᠩ ᠠᠮᠠᠷᠠᠭ ᠮᠢᠨᠢ
ᠲᠤᠯᠬ᠋ᠠ ᠶ᠋ᠢᠨ ᠶ᠋ᠢᠠᠨ ᠵᠠᠬ᠎ᠠ ᠳ᠋ᠤ᠌ ᠨᠠᠷᠠ ᠯᠠ ᠶᠤᠮ ᠃
ᠤᠶᠠᠬᠠᠨ ᠬᠣᠩᠭᠣᠷ ᠪᠦᠰᠡᠭᠦᠢ ᠮᠢᠨᠢ
ᠣᠶᠣᠲᠠᠯ ᠤᠷᠠᠯᠠᠭᠠᠳ ᠶᠠᠭᠠᠷᠠᠩᠬᠠᠨ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ14 ᠪ ᠡᠲᠦᠷ

