ᠬᠠᠲᠤᠯᠠᠩᠴᠢᠳ – ᠦᠭᠡ ᠂ ᠠᠶ᠎ᠠ ᠄ ᠳᠦ ᠂ ᠳᠦᠭᠦᠷ Хадланчид - Үг ᠂ Ая ᠄ Д ᠂ Дүгүр
ᠬᠠᠲᠤᠯᠠᠩᠴᠢᠳ
ᠦᠭᠡ᠂ ᠠᠶ᠎ᠠ ᠄ ᠳᠦ ᠂ ᠳᠦᠭᠦᠷ
ᠬᠠᠯᠢᠭᠤᠷᠠᠨ ᠲᠣᠯᠭᠢᠶᠠᠯᠠᠨ ᠬᠠᠷᠠᠭᠲᠠᠭᠠᠳ ᠪᠠᠶ᠋ᠢᠬ᠋᠎ᠠ ᠨᠢ
ᠬᠠᠲᠤᠯᠠᠩ ᠦ᠋ᠨ ᠰᠠᠶ᠋ᠢᠬᠠᠨ ᠡᠪᠡᠰᠦ ᠬᠥᠢ
ᠬᠠᠨᠴᠤᠢ ᠰᠢᠮᠡᠯᠡᠨ ᠤᠷᠤᠯᠲᠤᠭᠠᠳ ᠪᠠᠶ᠋ᠢᠬ᠋᠎ᠠ ᠨᠢ
ᠬᠠᠮᠤᠭ ᠊ᠢ ᠪᠦᠲᠦᠭᠡᠭᠴᠢ ᠭᠠᠪᠰᠢᠭᠠᠢ ᠬᠦᠲᠡᠯᠮᠦᠷᠢᠴᠢᠳ
ᠰᠡᠷᠴᠢᠭᠢᠨᠡᠭᠰᠡᠨ ᠰᠠᠯᠬᠢᠨ ᠳ᠋ᠤ᠌ ᠰᠡᠷᠡᠯᠵᠢᠨ ᠪᠠᠶ᠋ᠢᠬ᠋᠎ᠠ ᠨᠢ
ᠰᠢᠨᠡᠬᠡᠨ ᠤᠷᠭᠤᠭᠰᠠᠨ ᠬᠠᠲᠤᠯᠠᠩ ᠦ᠋ᠨ ᠡᠪᠡᠰᠦ ᠂
ᠰᠢᠮᠲᠠᠨ ᠰᠢᠮᠲᠠᠨ ᠠᠵᠢᠯᠯᠠᠭᠠᠳ ᠪᠠᠶ᠋ᠢᠬ᠋᠎ᠠ ᠨᠢ
ᠰᠢᠯᠢᠳᠡᠭ ᠮᠠᠯᠴᠢᠨ ᠵᠠᠯᠠᠭᠤ ᠬᠦᠲᠡᠯᠮᠦᠷᠢᠴᠢ ᠃
ᠢᠰᠬᠡᠷᠦᠨ ᠪᠠᠶ᠋ᠢᠬ᠋᠎ᠠ ᠢᠪᠡᠭᠡᠬᠡᠨ ᠰᠠᠯᠬᠢᠨ ᠳ᠋ᠤ᠌
ᠢᠷᠠᠯᠵᠠᠨ ᠪᠠᠶ᠋ᠢᠬ᠋᠎ᠠ ᠨᠢ ᠬᠠᠲᠤᠯᠠᠩ ᠦ᠋ᠨ ᠡᠪᠡᠰᠦ
ᠡᠩᠬᠡᠷ ᠵᠢᠯᠠᠬ᠋ᠠ ᠪᠠᠷ ᠣᠪᠣᠭᠠᠯᠠᠭᠠᠳ ᠪᠠᠶ᠋ᠢᠬ᠋᠎ᠠ ᠨᠢ
ᠡᠷᠲᠡᠨᠢᠲᠦ ᠰᠦᠷᠦᠭ ᠦ᠋ᠨ ᠮᠢᠨᠢ ᠠᠯᠲᠠᠨ ᠲᠡᠵᠢᠭᠡᠯ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ14 ᠤ ᠡᠲᠦᠷ

