ᠵᠤᠨ ᠪ ᠵᠢᠷᠭᠤᠭᠠᠨ ᠰᠠᠷ᠎ᠠ - ᠦᠭᠡ ᠠᠶ᠎ᠠ ᠄ ᠳᠦ ᠂ ᠳᠦᠭᠦᠷ Зуны зургаан сар - Үг ᠂ Ая ᠄ Д ᠂ Дүгүр
ᠵᠤᠨ ᠪ ᠵᠢᠷᠭᠤᠭᠠᠨ ᠰᠠᠷ᠎ᠠ
ᠦᠭᠡ ᠠᠶ᠎ᠠ ᠄ ᠳᠦ ᠂ ᠳᠦᠭᠦᠷ
ᠵᠤᠨ ᠪ ᠰᠠᠶ᠋ᠢᠬᠠᠨ ᠵᠢᠷᠭᠤᠭᠠᠨ ᠰᠠᠷ᠎ᠠ ᠳ᠋ᠤ᠌
ᠴᠡᠴᠡᠭ ᠦ᠋ᠨ ᠦᠨᠦᠷ ᠠᠩᠬᠢᠯᠤᠭᠠᠳ
ᠵᠢᠷᠤᠭ ᠦ᠋ᠨ ᠶᠤᠮ ᠰᠢᠭ᠋ ᠦᠶ᠎ᠡ ᠶ᠋ᠢᠨ ᠬᠡᠦᠬᠡᠨ ᠨᠤᠭᠦᠳ ᠦ᠋ᠨ
ᠭᠠᠩᠭᠠᠩ ᠢᠨᠢᠶᠡᠲᠦ ᠵᠢᠩᠭᠢᠨᠡᠨ᠎ᠡ
ᠵᠤᠰᠠᠯᠠᠩ ᠦ᠋ᠨ ᠨᠠᠭᠠᠲᠤᠮ ᠳ᠋ᠤ᠌ ᠰᠣᠶ᠋ᠢᠬᠰᠠᠨ
ᠬᠤᠷᠲᠤᠨ ᠮᠣᠷᠢᠳ ᠵᠢᠯᠣᠭᠣ ᠳᠤᠭᠲᠤᠷᠤᠭᠠᠳ
ᠵᠠᠯᠠᠭᠤ ᠴᠣᠭᠲᠠᠢ ᠠᠪᠤᠷᠭᠤ ᠪᠦᠬᠡᠴᠤᠳ
ᠵᠣᠲᠣᠭ ᠵᠢᠭᠢᠷᠡᠭ ᠶ᠋ᠢᠡᠨ ᠵᠠᠰᠠᠵᠠᠭᠠᠨᠠ ᠃
ᠦᠷᠢᠶ᠎ᠡ ᠬᠥᠯᠥᠭ ᠶ᠋ᠢᠡᠨ ᠤᠷᠤᠯᠲᠤᠭᠠᠳ
ᠦᠵᠦᠭᠦᠷ ᠮᠡᠤᠠᠬᠡᠨ ᠦᠨᠲᠡᠶ᠋ᠢᠯᠴᠡᠨᠡ
ᠡᠷ᠎ᠡ ᠴᠢᠲᠠᠯ ᠶ᠋ᠢᠠᠨ ᠰᠢᠯᠭᠠᠨ ᠪᠠᠷᠢᠯᠲᠤᠭᠠᠳ
ᠲᠡᠷᠢᠭᠦᠨ ᠳᠡᠳ᠋ ᠊ᠢ ᠪᠤᠯᠢᠶᠠᠯᠲᠤᠨᠡ
ᠦᠷ᠎ᠡ ᠲᠦᠯ ᠶ᠋ᠢᠡᠨ ᠳᠠᠭᠠᠭᠤᠯᠤᠭᠰᠠᠨ
ᠥᠨᠢᠷ ᠰᠦᠷᠦᠭ ᠱᠠᠭᠢᠯᠲᠤᠨᠠ
ᠦᠷᠡᠵᠢᠯᠲᠦ ᠮᠠᠯ ᠶ᠋ᠢᠠᠨ ᠥᠰᠭᠡᠭᠰᠡᠨ
ᠮᠠᠯᠴᠢᠨ ᠲᠦᠮᠡᠨ ᠪᠠᠶᠠᠰᠤᠯᠴᠠᠨ᠎ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠣᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 14 ᠪ ᠡᠲᠦᠷ
