ᠲᠥᠭᠡᠷᠢᠯ - ᠲ ᠂ ᠭᠣᠮᠪᠣᠵᠠᠪ Төөрөл - Т ᠂ Гомбожав
ᠲᠥᠭᠡᠷᠢᠯ
1
ᠮᠠᠨᠠᠨ ᠲᠠᠢ ᠣᠨᠢᠰᠣᠬ᠋᠎ᠠ ᠳᠠᠭᠠᠯᠴᠠᠨ
ᠮᠢᠨᠦ ᠨᠢᠲᠦ
ᠤᠨᠠᠭᠰᠠᠨ ᠰᠢᠭᠦᠲᠡᠷᠢ ᠶ᠋ᠢᠨ ᠨᠣᠶ᠋ᠢᠲᠠᠨ ᠰᠤᠷᠠᠭ ᠶ᠋ᠢᠠᠷ
ᠬᠦᠰᠡᠯ ᠦ᠋ᠨ ᠲᠥᠭᠥᠷᠢᠭᠬᠡᠨ ᠨᠠᠷᠠ ᠨᠥᠬᠥᠵᠦ
ᠬᠣᠯᠠ ᠶ᠋ᠢᠨ ᠬᠣᠯᠠ ᠳ᠋ᠦ᠍ ᠂ ᠬᠣᠯᠠ ᠶ᠋ᠢᠨ ᠬᠣᠯᠠ ᠳ᠋ᠦ᠍
ᠬᠠᠷᠠᠴᠠ ᠂ ᠲᠦᠮᠡᠨ ᠭᠠᠷ ᠶ᠋ᠢᠠᠨ ᠰᠤᠩᠭᠠᠨ
ᠬᠠᠮᠤᠭ ᠦ᠋ᠨ ᠬᠦᠨᠲᠦ ᠨᠢᠭᠡ ᠢᠨᠢᠶᠡᠲᠦ ᠶ᠋ᠢᠨ ᠲᠥᠯᠥᠭᠡ
ᠬᠠᠲᠠᠭᠤ ᠪᠣᠲᠣᠯ ᠂ ᠠᠭᠤᠯᠠᠨ ᠣᠷᠣᠢ ᠳᠠᠪᠠᠯ᠎ᠠ
ᠪᠢ ᠂ < ᠲᠥᠭᠡᠷᠢᠵᠦ ᠣᠲᠤᠭᠰᠠᠨ > ᠨᠢᠭᠡ ᠬᠥᠮᠦᠨ ᠊ᠢ ᠡᠷᠢᠵᠦ ᠪᠠᠶ᠋ᠢᠨ᠎ᠠ
2
ᠴᠠᠭ ᠂ ᠮᠠᠨᠠᠨᠲᠠᠵᠤ
ᠣᠷᠣᠨ ᠵᠠᠢ ᠮᠠᠨᠠᠨᠲᠠᠵᠤ
ᠣᠷᠴᠢᠯᠠᠩ ᠦ᠋ᠨ ᠠᠯᠢᠪᠠ ᠪᠦᠬᠦᠨ ᠪᠦᠷ ᠮᠠᠨᠠᠨᠲᠠᠵᠠᠢ
ᠠᠭᠤᠯᠠ ᠶ᠋ᠢᠨ ᠵᠡᠭᠦᠲᠦ
ᠬᠠᠲᠠᠳ ᠦ᠋ᠨ ᠳᠤᠮᠳᠠ ᠪᠡᠨ ᠲᠥᠭᠡᠷᠢᠵᠦ
ᠣᠢ ᠶ᠋ᠢᠨ ᠪᠣᠲᠣᠯ
ᠨᠠᠪᠴᠢᠨ ᠵᠠᠮ ᠳ᠋ᠠᠭᠠᠨ ᠪᠦᠲᠦᠷᠢᠨ
ᠵᠦᠭ ᠴᠢᠭ᠌ ᠂ ᠵᠠᠮ ᠦ᠋ᠨ ᠬᠥᠮᠦᠨ ᠡᠴᠡ ᠪᠡᠶ᠎ᠡ ᠪᠡᠨ ᠠᠰᠠᠭᠤᠨ᠎ᠠ
ᠡᠮᠦᠨ᠎ᠡ ᠮᠢᠨᠢ ᠶᠠᠭᠤ ᠴᠤ᠌ ᠦᠵᠡᠭᠳᠡᠬᠦ ᠦᠭᠡᠢ
ᠡᠭᠦᠯᠡᠨ ᠳᠡᠭᠡᠷ᠎ᠡ ᠡᠴᠡ ᠴᠢᠯᠠᠭᠤᠨ ᠪᠥᠮᠪᠥᠭᠡ ᠤᠨᠠᠨ᠎ᠠ
ᠥᠷᠭᠡᠨ ᠲᠠᠯ᠎ᠠ ᠶ᠋ᠢ ᠴᠠᠰᠤ ᠳᠠᠷᠤᠵᠠᠢ ᠡ
ᠪᠢ
ᠬᠣᠷᠸ᠋᠎ᠠ ᠶ᠋ᠢᠨ ᠠᠭᠤᠲᠠᠮᠬᠠᠨ ᠵᠠᠢ ᠶ᠋ᠢ
ᠬᠤᠷᠤᠭᠤᠬᠠᠨ ᠬᠡᠮᠵᠢᠶ᠎ᠡ ᠪᠡᠷ ᠨᠡᠩᠵᠢᠵᠦ
<ᠲᠥᠭᠡᠷᠢᠵᠦ ᠣᠲᠤᠭᠰᠠᠨ > ᠨᠢᠭᠡ ᠬᠥᠮᠦᠨ ᠊ᠢ ᠡᠷᠢᠵᠦ ᠪᠠᠶ᠋ᠢᠨ᠎ᠠ
3
ᠲᠩᠷᠢ ᠬᠠᠷᠠᠩᠭᠤᠢ ᠪᠣᠯᠤᠯ᠎ᠠ
ᠲᠡᠭᠡᠪᠡᠴᠦ ᠂ ᠨᠠᠷᠠ ᠤᠨᠠᠯ᠎ᠠ ᠭᠡᠵᠦ ᠪᠢᠲᠡᠭᠡᠢ ᠪᠣᠲᠣᠭᠠᠷᠠᠢ
ᠲᠡᠷᠡ ᠣᠲᠣ ᠮᠢᠨᠦ ᠡᠮᠦᠨ᠎ᠡ ᠂ ᠴᠠᠭᠠᠨ ᠲᠠᠤᠯᠠᠢ ᠦᠰᠦᠴᠢᠭᠦᠯᠵᠦ
ᠲᠡᠮᠡᠭᠡᠨ ᠬᠣᠩᠬᠣᠨ ᠪ ᠮᠥᠩᠭᠥᠨ ᠡᠭᠡᠰᠢᠭ ᠂ ᠠᠯᠢᠶ᠎ᠠ ᠵᠡᠭᠦᠲᠦ ᠬᠥᠲᠥᠯᠵᠦ ᠶᠠᠪᠤᠨ᠎ᠠ
ᠠᠭᠤᠯᠠ ᠪᠠᠷ ᠳᠠᠷᠤᠬᠤ ᠶᠠᠲᠠᠷᠠᠯ ᠳᠣᠣᠷ᠎ᠠ
ᠣᠯᠬᠤ ᠶ᠋ᠢᠨ ᠬᠦᠰᠡᠯ ᠨᠢᠷᠤᠭᠤ ᠭᠡᠲᠡᠶ᠋ᠢᠵᠦ
ᠮᠢᠨᠦ ᠭᠠᠷ ᠲᠦ ᠂ ᠴᠢᠨᠦ ᠨᠡᠷ᠎ᠡ
ᠮᠤᠷᠤᠶ᠋ᠢᠲᠠᠭ ᠪᠢᠰᠢ ᠲᠠᠶᠠᠭ ᠪᠣᠰᠤᠨ᠎ᠠ
ᠴᠢᠨᠦ ᠳᠦᠰᠢᠭ ᠲᠦ ᠂ ᠮᠢᠨᠦ ᠪᠡᠶ᠎ᠡ
ᠣᠶ᠋ᠢᠴᠢᠲᠠᠭ ᠪᠢᠰᠢ ᠪᠣᠰᠤᠬ᠋᠎ᠠ ᠶᠠᠪᠤᠨ᠎ᠠ !
ᠲᠡᠭᠡᠭᠡᠳ ᠯᠡ ᠪᠢ ᠤᠨᠲᠠᠬ᠋ᠠ ᠦᠭᠡᠢ
ᠲᠩᠷᠢ ᠶ᠋ᠢᠨ ᠣᠲᠣᠨ ᠪ ᠬᠤᠷᠤᠭᠤᠬᠠᠨ ᠵᠠᠢ ᠭᠠᠶ᠋ᠢᠬᠠᠵᠤ
ᠲᠡᠷᠡ ᠵᠦᠭ ᠦ᠋ᠨ ᠰᠠᠶ᠋ᠢᠬᠠᠨ ᠵᠡᠭᠦᠲᠦᠨ ᠳ᠋ᠦ᠍ ᠪᠣᠲᠣᠯ ᠰᠡᠷᠡᠭᠦᠬᠡᠨ ᠮᠠᠴᠤᠨ᠎ᠠ
ᠲᠡᠮᠦᠷ ᠰᠢᠯᠦᠭ ᠦ᠋ᠨ ᠬᠠᠲᠠᠭᠤᠬᠠᠨ ᠦᠭᠡᠨ ᠳ᠋ᠦ᠍ ᠡᠷ᠎ᠡ ᠪᠣᠰᠤᠬ᠋᠎ᠠ ᠠᠯᠬᠤᠨ᠎ᠠ ᠡ
ᠪᠢ ᠂ < ᠲᠥᠭᠡᠷᠢᠵᠦ ᠣᠲᠤᠭᠰᠠᠨ >ᠨᠢᠭᠡ ᠬᠥᠮᠦᠨ ᠊ᠢ ᠡᠷᠢᠵᠦ ᠪᠠᠶ᠋ᠢᠨ᠎ᠠ
4
ᠬᠡᠴᠡᠭᠦᠬᠡᠨ ᠪᠣᠲᠣᠯ ᠨᠠᠮᠠᠶ᠋ᠢ ᠨᠢᠷᠭᠡᠵᠦ
ᠬᠡᠭᠡᠷ᠎ᠡ ᠶ᠋ᠢᠨ ᠦᠯᠢᠭᠡᠷ
ᠨᠠᠮᠠᠶ᠋ᠢ ᠂ ᠠᠭᠤᠯᠠ ᠵᠦᠭ ᠬᠥᠲᠥᠯᠵᠡᠢ
ᠴᠠᠶ᠋ᠢᠷᠠᠭᠰᠠᠨ ᠡᠷᠡᠦ ᠡᠪᠡᠰᠦᠨ ᠳᠤᠮᠳᠠ
ᠴᠢᠯᠠᠭᠤ ᠳᠣᠯᠢᠶᠠᠨ
ᠴᠠᠤᠠᠬᠤᠯᠠᠩ ᠪᠢᠰᠢ ᠥᠯᠥᠨ ᠰᠢᠷᠠᠨᠤᠳ ᠦ᠋ᠨ
ᠴᠢᠲᠠᠯ ᠮᠣᠬᠣᠭᠰᠠᠨ ᠮᠥᠷ
ᠴᠢᠨᠦ ᠡᠩᠬᠡ ᠶ᠋ᠢᠨ ᠭᠡᠷᠡᠴᠢ ᠪᠠᠶ᠋ᠢᠨ᠎ᠠ
ᠴᠢ ᠬᠡᠮᠬᠡᠯᠦᠭᠳᠡᠳᠡᠭ ᠪᠢᠰᠢ ᠂ ᠬᠡᠲᠡ ᠴᠠᠬᠢᠭᠤᠷ ᠠᠭᠤᠯᠠ ᠪᠠᠶ᠋ᠢᠵᠠᠢ
ᠰᠡᠤᠠᠬᠢᠯ ᠳ᠋ᠦ᠍ ᠮᠢᠨᠢ ᠲᠠᠯ᠎ᠠ ᠲᠨᠡᠶ᠋ᠢᠯᠡ
ᠰᠡᠷᠡᠭᠦᠨ ᠪᠤᠯᠠᠭ ᠬᠦᠰᠡᠯ ᠣᠷᠭᠢᠯᠵᠤ
ᠰᠡᠵᠢᠭ ᠂ ᠮᠠᠨᠠᠨ ᠰᠢᠭ᠋ ᠨᠠᠷᠠᠨ ᠳ᠋ᠦ᠍ ᠰᠢᠲᠠᠨ᠎ᠠ
ᠮᠥᠷᠡᠨ ᠭᠣᠣᠯ ᠤᠷᠤᠰᠬᠤ ᠪᠠᠷ ᠶ᠋ᠢᠠᠨ ᠤᠷᠤᠰᠤᠨ᠎ᠠ
ᠮᠥᠷ ᠡᠷᠢᠵᠦ ᠬᠥᠪᠡᠭᠡᠨ ᠳ᠋ᠤᠨᠢ ᠪᠢ ᠣᠴᠢᠬᠤ ᠦᠭᠡᠢ
ᠮᠥᠩᠬᠡ ᠬᠠᠩᠭᠢᠨᠠᠬᠤ ᠲᠡᠷᠡᠬᠡᠨ ᠨᠣᠭᠣᠭᠠᠨ ᠠᠪᠢᠶ᠎ᠠ
ᠮᠥᠷᠥᠭᠡᠲᠦᠯ ᠊ᠢ ᠮᠢᠨᠢ ᠨᠠᠷᠠ ᠤᠷᠤᠭᠤ ᠭᠡᠯᠢᠨᠡ ᠂ ᠨᠠᠷᠠ ᠤᠷᠤᠭᠤ ᠭᠡᠯᠢᠨᠡ !
ᠪᠢ <ᠲᠥᠭᠡᠷᠢᠵᠦ ᠣᠲᠤᠭᠰᠠᠨ > ᠨᠢᠭᠡ ᠬᠥᠮᠦᠨ ᠊ᠢ ᠡᠷᠢᠵᠦ ᠪᠠᠶ᠋ᠢᠨ᠎ᠠ
5
ᠲᠠᠯ᠎ᠠ ᠮᠢᠨᠢ ᠠ᠋ ᠠᠭᠤᠯᠠ ᠮᠢᠨᠢ ᠁
ᠲᠠ ᠴᠣᠬᠣᠮ ᠶᠠᠭᠤ ᠪᠠᠨ ᠭᠡᠭᠡᠴᠢᠬᠡᠪᠡ ᠪᠢᠯᠡ ?
ᠲᠡᠷᠡ ᠬᠥᠮᠦᠨ ᠡᠷᠢᠯ ᠳ᠋ᠦ᠍ ᠭᠠᠷᠤᠭᠰᠠᠨ ᠰᠢᠦ
ᠲᠡᠭᠡᠭᠡᠳ ᠲᠥᠭᠡᠷᠢᠴᠢᠬᠡᠵᠡᠢ ᠁
ᠪᠣᠲᠣᠯ ᠨᠢ ᠲᠥᠭᠡᠷᠢᠭᠡ ᠦᠭᠡᠢ
ᠪᠤᠬᠢᠨᠢᠲᠤᠯ ᠬᠦᠰᠡᠯ ᠦ᠋ᠨ ᠵᠢᠭᠤᠷᠠᠯᠲᠤᠭᠰᠠᠨ ᠭᠡᠵᠢᠭᠡ ᠶ᠋ᠢ ᠠᠶᠠᠷᠬᠠᠨ ᠰᠠᠮᠨᠠᠵᠤ
ᠪᠣᠷᠣᠬ᠋᠎ᠠ ᠂ ᠬᠠᠪᠤᠷ ᠦ᠋ᠨ ᠡᠪᠡᠰᠦᠨ ᠪ ᠨᠣᠭᠣᠭᠠᠨ ᠲᠠᠷᠢᠬᠢ ᠶ᠋ᠢ
ᠳᠠᠭᠤᠳᠠᠩᠬᠠᠨ ᠰᠡᠷᠢᠭᠡᠵᠦ
ᠡᠪᠦᠯ ᠰᠥᠨᠢ ᠶ᠋ᠢᠨ ᠬᠠᠯᠠᠭᠤᠨ ᠬᠤᠴᠢᠯᠬ᠋ᠠ
ᠥᠭᠡᠲᠡ ᠪᠣᠲᠣᠯ ᠦ᠋ᠨ ᠥᠩᠭᠡᠲᠦ ᠰᠣᠯᠣᠩᠬ᠋᠎ᠠ
ᠰᠤᠲᠠᠰᠤ ᠯᠤᠭᠰᠢᠵᠤ ᠪᠠᠶ᠋ᠢᠨ᠎ᠠ
6
ᠪᠢ <ᠲᠥᠭᠡᠷᠢᠵᠦ ᠣᠲᠤᠭᠰᠠᠨ >ᠨᠢᠭᠡ ᠬᠥᠮᠦᠨ ᠊ᠢ ᠡᠷᠢᠵᠦ
ᠲᠦᠮᠡᠨ ᠭᠣᠭᠴᠣᠬ᠋ᠠ ᠬᠦᠰᠡᠯ ᠦ᠋ᠨ ᠤᠲᠠᠰᠤ
ᠲᠡᠦᠬᠡ ᠢᠷᠡᠭᠡᠲᠦᠢ ᠶ᠋ᠢᠨ ᠵᠠᠢ ᠬᠠᠪᠤᠵᠤ
ᠲᠥᠭᠡᠷᠢᠭᠰᠡᠨ ᠬᠥᠮᠦᠨ ᠪ ᠪᠡᠨ ᠲᠥᠭᠡᠷᠢᠭᠡ ᠦᠭᠡᠢ ᠪᠣᠲᠣᠯ ᠳ᠋ᠦ᠍
ᠲᠥᠭᠦᠭᠡ ᠪᠡᠨ ᠤᠯᠵᠠᠯᠠᠭᠤᠯᠴᠢᠯᠠ ᠁
ᠰᠥᠨᠢ ᠶ᠋ᠢᠨ ᠵᠡᠭᠦᠲᠦ ᠲᠡᠢ ᠪᠡᠨ ᠡᠲᠦᠷ ᠦ᠋ᠨ ᠨᠠᠷᠠᠨ ᠳ᠋ᠦ᠍
ᠪᠢ ᠠᠵᠠᠲᠠᠶ᠋ᠢᠬᠠᠨ ᠠᠭᠤᠯᠵᠠᠵᠤ ᠪᠠᠶ᠋ᠢᠨ᠎ᠠ
ᠰᠠᠯᠬᠢᠨ ᠳ᠋ᠦ᠍ ᠠᠯᠲᠠᠭᠰᠠᠨ ᠲᠠᠢ ᠪᠠᠨ ᠪᠣᠷᠣᠭᠠᠨ ᠪ ᠤᠰᠤᠨ ᠳ᠋ᠦ᠍
ᠪᠢ ᠵᠣᠯᠲᠠᠶ᠋ᠢᠬᠠᠨ ᠵᠣᠯᠭᠠᠵᠤ ᠪᠠᠶ᠋ᠢᠨ᠎ᠠ ᠡ ᠁
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭ᠍ᠴᠢ ᠄ ᠴᠣᠯᠮᠣᠬ᠍ᠲᠤᠶᠠᠭ᠎ᠠ ᠪᠠᠭ᠍ᠰᠢ
2023 ᠣᠨ ᠪ 4 ᠰᠠᠷ᠎ᠠ ᠶ᠋ᠢᠨ 14
