ᠬᠤᠷᠲᠤᠨ ᠬᠤᠯᠠ - ᠦᠭᠡ ᠄ ᠴ · ᠮᠥᠩᠬᠡᠰᠦ᠋ᠷᠦᠩ ᠂ ᠠᠶ᠎ᠠ ᠄ ᠳᠦ · ᠳᠦᠭᠦᠷ Хурдан хул - Үг ᠄ Ч · Мөнхсүрэн ᠂ Ая ᠄ Д · Дүгүр
ᠬᠤᠷᠲᠤᠨ ᠬᠤᠯᠠ
ᠦᠭᠡ ᠄ ᠴ · ᠮᠥᠩᠬᠡᠰᠦ᠋ᠷᠦᠩ
ᠠᠶ᠎ᠠ ᠄ ᠳᠦ · ᠳᠦᠭᠦᠷ
ᠠᠭᠠᠭ ᠲᠠᠢ ᠠᠭᠰᠤᠮᠬᠠᠨ ᠬᠤᠯᠠ ᠨᠢ
ᠠᠷᠠᠳ ᠦ᠋ᠨ ᠨᠢᠭᠡᠲᠦᠯ ᠦ᠋ᠨ ᠤᠨᠠᠬ᠋᠎ᠠ ᠳ᠋ᠠ
ᠠᠲᠤᠭᠤᠴᠢᠨ ᠵᠠᠯᠠᠭᠤ ᠡᠵᠡᠨ ᠨᠢ
ᠠᠵᠢᠯᠰᠠᠭ ᠮᠠᠯᠴᠢᠨ ᠪ ᠬᠦᠦ ᠳ᠋ᠠ
ᠲᠠᠶ᠋ᠢᠭᠠᠨ ᠬᠥᠶᠥᠲᠡᠯ ᠲᠡᠢ ᠬᠤᠯᠠ ᠨᠢ
ᠲᠠᠩᠰᠤᠭ ᠰᠦᠷᠦᠭ ᠦ᠋ᠨ ᠮᠢᠨᠢ ᠴᠢᠮᠡᠭ ᠳ᠋ᠠ ᠂
ᠲᠡᠮᠡᠴᠡᠨ ᠮᠦᠷᠦᠶ᠋ᠢᠴᠡᠬᠦ ᠤᠷᠤᠯᠲᠤᠭᠠᠨ ᠪᠦᠷᠢ ᠳ᠋ᠡᠭᠡᠨ
ᠳᠡᠲᠯᠡᠵᠦ ᠦᠵᠡᠭᠡ ᠦᠭᠡᠢ ᠬᠥᠯᠥᠭ ᠳ᠋ᠠ ᠃
ᠬᠤᠶ᠋ᠢᠯᠠᠷᠠᠨ ᠡᠷᠴᠢᠯᠡᠬᠦ ᠲᠣᠭᠣᠰᠣ ᠨᠢ
ᠬᠣᠯᠠ ᠶ᠋ᠢᠨ ᠬᠣᠯᠠ ᠠ᠋ᠴᠠ ᠰᠤᠪᠤᠷᠭᠠᠯᠠᠭᠠᠳ ᠪᠠᠶ᠋ᠢᠨ᠎ᠠ ᠂
ᠬᠤᠯᠠᠨ ᠵᠡᠭᠡᠷ᠎ᠡ ᠶ᠋ᠢᠨ ᠬᠤᠷᠲᠤ ᠪᠠᠷ ᠶ᠋ᠢᠠᠨ
ᠬᠣᠲᠠᠯᠠ ᠣᠯᠠᠨ ᠳ᠋ᠠᠭᠠᠨ ᠮᠠᠭᠲᠠᠭᠲᠠᠭᠠᠳ ᠪᠠᠶ᠋ᠢᠨ᠎ᠠ ᠃
ᠠᠭᠲᠠ ᠶ᠋ᠢᠨ ᠤᠲᠤᠮᠰᠢᠯᠲᠤ ᠤᠷᠤᠯᠲᠤᠭᠠᠨ ᠳ᠋ᠠᠭᠠᠨ
ᠠᠯᠢᠶᠠᠬᠠᠨ ᠬᠤᠯᠠ ᠨᠢ ᠲᠡᠷᠢᠭᠦᠯᠡᠨ᠎ᠡ ᠳ᠋ᠠ᠂
ᠠᠬᠢᠨ ᠳᠠᠪᠰᠢᠬᠤ ᠦᠢᠯᠡᠰ ᠲᠡᠭᠡᠨ
ᠠᠲᠤᠭᠤᠴᠢᠨ ᠵᠠᠯᠠᠭᠤ ᠮᠢᠨᠢ ᠮᠠᠩᠯᠠᠶ᠋ᠢᠯᠠᠨᠠ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ12 ᠦᠨ ᠡᠲᠦᠷ

