ᠮᠢᠨᠦ ᠪᠦᠰᠡᠭᠦᠢ - ᠦᠭᠡ ᠄ ᠭᠠ‍ · ᠪᠠᠷᠬ᠎ᠡ ᠂ ᠠᠶ᠎ᠠ ᠄ ᠳᠦ‍ · ᠳᠦᠭᠦᠷ Миний бүсгүй - Үг ᠄ Г · Бархаа ᠂ Ая ᠄ Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠪᠦᠰᠡᠭᠦᠢ - ᠦᠭᠡ ᠄ ᠭᠠ‍ · ᠪᠠᠷᠬ᠎ᠡ ᠂ ᠠᠶ᠎ᠠ ᠄ ᠳᠦ‍ · ᠳᠦᠭᠦᠷ Миний бүсгүй - Үг ᠄ Г · Бархаа ᠂ Ая ᠄ Д · Дүгүр

ᠮᠢᠨᠦ ᠪᠦᠰᠡᠭᠦᠢ - ᠦᠭᠡ ᠄ ᠭᠠ‍ · ᠪᠠᠷᠬ᠎ᠡ ᠂ ᠠᠶ᠎ᠠ ᠄ ᠳᠦ‍ · ᠳᠦᠭᠦᠷ Миний бүсгүй - Үг ᠄ Г · Бархаа ᠂ Ая ᠄ Д · Дүгүр

ᠠᠩᠭᠢᠯᠠᠯ:ᠳᠠᠭᠤᠤ ᠬᠥᠭᠵᠢᠮ
2023-04-15

367

ᠮᠢᠨᠦ ᠪᠦᠰᠡᠭᠦᠢ


          ᠦᠭᠡ ᠄ ᠭᠠ‍ · ᠪᠠᠷᠬ᠎ᠡ 
           ᠠᠶ᠎ᠠ ᠄  ᠳᠦ‍ · ᠳᠦᠭᠦᠷ 

 ᠬᠠᠷᠠᠬᠠᠨ ᠪᠠᠬ᠋᠎ᠠ ᠠ᠋ᠴᠠ ᠪᠠᠨ ᠳᠠᠰᠤᠯᠴᠠᠭᠠᠳ
 ᠬᠠᠶ᠋ᠢᠷ᠎ᠠ ᠶ᠋ᠢᠨ ᠰᠢᠵᠢᠮ᠎ᠡ ᠪᠡᠷ ᠬᠣᠯᠪᠣᠭᠲᠠᠭᠰᠠᠨ
 ᠨᠠᠰᠤᠨ ᠪ ᠢᠨᠠᠭ ᠪᠦᠰᠡᠭᠦᠢ ᠮᠢᠨᠢ
 ᠨᠠᠲᠠᠲᠤ ᠪᠠᠨ ᠶᠡᠷᠦ ᠨᠢ ᠨᠠᠷᠠ ᠯᠠ ᠪᠠᠶ᠋ᠢᠨ᠎ᠠ
   ᠠᠢ ᠳ᠋ᠠ ᠬᠣᠩᠭᠣᠷ ᠪᠦᠰᠡᠭᠦᠢ ᠮᠢᠨᠢ
   ᠠᠢ ᠳ᠋ᠠ ᠬᠣᠩᠭᠣᠷ ᠪᠦᠰᠡᠭᠦᠢ ᠮᠢᠨᠢ
 ᠵᠠᠶᠠᠭᠠᠨ ᠪ ᠠᠮᠠᠷᠠᠭ ᠪᠦᠰᠡᠭᠦᠢ ᠮᠢᠨᠢ
 ᠵᠠᠬ᠎ᠠ ᠳ᠋ᠤ᠌ ᠮᠢᠨᠢ ᠲᠤᠶᠠᠭᠠᠷᠠᠭᠰᠠᠨ ᠰᠠᠷᠠ ‍ᠤᠤ ᠳ᠋ᠠ 

 ᠰᠠᠶ᠋ᠢᠬᠠᠨ  ᠲᠥᠷᠥᠭᠰᠡᠨ ᠪᠡᠶ᠎ᠡ ᠨᠢ
 ᠲᠠᠯ᠎ᠠ ᠶ᠋ᠢᠨ ᠰᠤᠷᠭᠤᠭ  ᠴᠡᠴᠡᠭ ᠯᠡ ᠪᠠᠶ᠋ᠢᠨ᠎ᠠ ᠂
 ᠰᠠᠷᠠᠭᠤᠯ ᠲᠤᠩᠭᠠᠯᠠᠭ ᠤᠬᠠᠭᠠᠨ ᠨᠢ
 ᠠᠷᠢᠭᠤᠨ ᠪᠤᠯᠠᠭ ᠦ᠋ᠨ ᠤᠰᠤ ᠯᠡ ᠪᠠᠶ᠋ᠢᠨ᠎ᠠ ᠃
             ᠲᠠᠬᠢᠯᠲᠠ  

 ᠣᠶᠣᠭᠰᠠᠨ ᠳᠡᠪᠡᠯ ᠨᠢ ᠳᠤᠯᠠᠭᠠᠬᠠᠨ
 ᠨᠠᠷᠠᠨ ᠪ ᠢᠯᠴᠢ ᠪᠡᠷ ᠳᠤᠲᠤᠷᠯᠠᠵᠠᠢ ᠂
 ᠣᠷᠣᠨ ᠭᠡᠷ ᠮᠢᠨᠢ ᠴᠡᠪᠡᠷᠬᠡᠨ
 ᠰᠠᠷᠠᠨ ᠪ ᠲᠤᠶᠠᠬ᠋᠎ᠠ ᠪᠠᠷ ᠦᠩᠭᠡᠯᠡᠵᠡᠢ ᠃
           ᠲᠠᠬᠢᠯᠲᠠ 

 ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠳᠠᠰᠢᠮ᠎ᠠ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ12  ᠦᠨ ᠡᠲᠦᠷ