ᠰᠢᠨ᠎ᠡ᠎ ᠎ ᠶ᠋ᠢᠨ ᠵᠣᠯᠭᠠᠯᠲᠠ - ᠲ ᠂ ᠭᠣᠮᠪᠣᠵᠠᠪ Шинийн золголт - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ᠎ ᠎ ᠶ᠋ᠢᠨ ᠵᠣᠯᠭᠠᠯᠲᠠ - ᠲ ᠂ ᠭᠣᠮᠪᠣᠵᠠᠪ Шинийн золголт - Т ᠂ Гомбожав

ᠰᠢᠨ᠎ᠡ᠎ ᠎ ᠶ᠋ᠢᠨ ᠵᠣᠯᠭᠠᠯᠲᠠ - ᠲ ᠂ ᠭᠣᠮᠪᠣᠵᠠᠪ Шинийн золголт - Т ᠂ Гомбожав

2023-04-15

351

ᠰᠢᠨ᠎ᠡ᠎ ᠎ ᠶ᠋ᠢᠨ ᠵᠣᠯᠭᠠᠯᠲᠠ


 ᠪᠢᠷ ᠦ᠋ᠨ ᠳᠣᠣᠷ᠎ᠠ ᠦᠯᠢᠭᠡᠷ ᠳᠠᠭᠤᠰᠴᠤ
 ᠪᠢᠯᠢᠭ᠌ ᠦ᠋ᠨ ᠮᠢᠨᠢ ᠭᠡᠭᠡᠪᠴᠢ ᠶ᠋ᠢ ᠰᠢᠨ᠎ᠡ ᠵᠢᠯ ᠲᠣᠭᠰᠢᠯ᠎ᠠ

 ᠡᠷᠢᠯᠴᠢ ᠶ᠋ᠢᠨ ᠮᠠᠩᠬ᠎ᠠ ᠳᠠᠪᠠᠭᠰᠠᠨ ᠮᠥᠷ
 ᠡᠭᠡᠰᠢᠭ᠋  ᠭᠡᠢᠭᠦᠯᠦᠭᠴᠢ ᠶ᠋ᠢᠨ ᠨᠠᠶ᠋ᠢᠷᠠᠯ ᠳᠠᠭᠤᠤ
 ᠡᠨᠡ ᠬᠣᠷᠸ᠋᠎ᠠ ᠨᠣᠶ᠋ᠢᠷ ᠨᠢᠮᠭᠡᠷᠡᠵᠡᠢ

 ᠲᠠᠯ᠎ᠠ ᠰᠠᠬᠢᠬᠰᠠᠨ ᠮᠥᠷ ᠮᠥᠷ ᠦᠰᠦᠭ᠋
 ᠲᠩᠷᠢ ᠠᠪᠢᠶᠠᠯᠠᠭᠰᠠᠨ ᠪᠠᠲᠠᠭ ᠪᠠᠲᠠᠭ ᠪᠣᠲᠣᠯ
 ᠲᠣᠬ᠋᠎ᠠ ᠥᠷᠥᠭᠡᠰᠦᠨ ᠨᠢᠭᠡ ᠬᠠᠭᠤᠲᠠᠰᠤ ᠴᠠᠭᠠᠰᠤᠨ ᠪ ᠮᠢᠨᠢ
 ᠳᠡᠯᠪᠡᠢ ᠶ᠋ᠢ ᠨᠢ ᠳᠠᠪᠠᠴᠢᠬᠠᠯ᠎ᠠ

 ᠪᠢ ᠴᠤ᠌ ᠳᠠᠭᠠᠭᠠᠳ 
 ᠠᠯᠢ ᠰᠠᠶ᠋ᠢᠬᠠᠨ ᠨᠢ ᠳᠠᠷᠠᠭᠠᠴᠢ ᠶ᠋ᠢᠨ  ᠳ᠋ᠦ᠍ ᠭᠡᠵᠦ  
 ᠠᠭᠠᠷ ᠵᠦᠭ ᠪᠣᠲᠣᠯ ᠦ᠋ᠨ ᠣᠷᠢᠶᠠᠮᠠᠭ ᠶ᠋ᠢᠠᠨ ᠵᠠᠲᠠᠴᠢᠬᠰᠠᠭᠠᠷ  
 ᠬᠠᠲᠠᠪᠴᠢ ᠳᠠᠪᠠᠴᠢᠬᠠᠯ᠎ᠠ

 ᠨᠠᠷᠠ ᠮᠢᠨᠢ ᠪᠠᠰᠠᠴᠤ
 ᠡᠩᠭᠡᠷ ᠪᠢᠲᠡᠭᠦᠦ ᠬᠤᠷᠠᠭᠠᠨ ᠳᠡᠪᠡᠯ ᠶ᠋ᠢᠡᠨ
 ᠡᠷᠬᠢ ᠶ᠋ᠢᠨ ᠲᠡᠷᠲᠡᠭᠡ ᠲᠠᠶ᠋ᠢᠯᠵᠤ ᠣᠷᠬᠢᠭᠠᠳ 
 ᠬᠥᠭᠥᠷᠭᠡ ᠳᠠᠪᠠᠴᠢᠬᠠᠯ᠎ᠠ

 ᠠᠯᠢᠪᠠ ᠪᠦᠬᠦᠨ ᠬᠢᠵᠠᠭᠠᠷ ᠳᠠᠪᠠᠵᠤ
 ᠠᠮᠢᠲᠤᠷᠠᠯ ᠳ᠋ᠠᠭᠠᠨ ᠪᠢ ᠬᠦᠰᠡᠯ ᠶ᠋ᠢᠡᠨ ᠰᠢᠪᠡᠨᠡᠭᠰᠡᠭᠡᠷ
 ᠰᠢᠨ᠎ᠡ ᠶ᠋ᠢᠨ ᠵᠣᠯᠭᠠᠯᠲᠠ ᠪᠠᠨ ᠬᠢᠵᠦ ᠡᠬᠢᠯᠡᠯ᠎ᠡ

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃ 
      ᠠᠮᠢᠯᠠᠭᠤᠯᠤᠨ ᠬᠠᠭᠤᠯᠤᠭᠰᠠᠨ ᠨᠢ ᠄ ᠴᠣᠭᠵᠢᠷᠭᠠᠯ
         ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
             2023 ᠂ 04 ᠂ 12