ᠬᠥᠯᠥᠨ ᠨᠠᠭᠤᠷ ᠮᠢᠨᠢ - ᠦᠭᠡ ᠄ ᠴᠦᠯᠲᠦᠮ ᠂ ᠠᠶ᠎ᠠ ᠄ ᠳᠦ‍ · ᠳᠦᠭᠦᠷ Хөлөн нуур минь - Үг ᠄ Цөлдөм ᠂ Ая ᠄ Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠨ ᠨᠠᠭᠤᠷ ᠮᠢᠨᠢ - ᠦᠭᠡ ᠄ ᠴᠦᠯᠲᠦᠮ ᠂ ᠠᠶ᠎ᠠ ᠄ ᠳᠦ‍ · ᠳᠦᠭᠦᠷ Хөлөн нуур минь - Үг ᠄ Цөлдөм ᠂ Ая ᠄ Д · Дүгүр

ᠬᠥᠯᠥᠨ ᠨᠠᠭᠤᠷ ᠮᠢᠨᠢ - ᠦᠭᠡ ᠄ ᠴᠦᠯᠲᠦᠮ ᠂ ᠠᠶ᠎ᠠ ᠄ ᠳᠦ‍ · ᠳᠦᠭᠦᠷ Хөлөн нуур минь - Үг ᠄ Цөлдөм ᠂ Ая ᠄ Д · Дүгүр

ᠠᠩᠭᠢᠯᠠᠯ:ᠳᠠᠭᠤᠤ ᠬᠥᠭᠵᠢᠮ
2023-04-14

393

ᠬᠥᠯᠥᠨ ᠨᠠᠭᠤᠷ ᠮᠢᠨᠢ


                  ᠦᠭᠡ ᠄ ᠴᠦᠯᠲᠦᠮ 
              ᠠᠶ᠎ᠠ ᠄ ᠳᠦ‍ · ᠳᠦᠭᠦᠷ 

ᠬᠥᠬᠡ ᠣᠭᠲᠠᠷᠭᠤᠢ ᠲᠠᠢ ᠵᠠᠯᠭᠠᠯᠲᠤᠭᠰᠠᠨ 
ᠬᠦᠯᠦᠨ ᠨᠠᠭᠤᠷ ᠮᠢᠨᠢ ᠴᠡᠩᠬᠡᠷᠯᠡᠭᠡᠳ ᠪᠠᠶ᠋ᠢᠨ᠎ᠠ 
ᠬᠥᠬᠡᠷᠡᠨ ᠨᠡᠯᠦᠢᠭᠰᠡᠨ ᠲᠣᠷᠭᠠᠨ ᠬᠥᠪᠡᠭᠡᠨ ᠳ᠋ᠤᠨᠢ 
ᠪᠠᠶᠠᠨ ᠰᠦᠷᠦᠭ ᠪᠠᠭᠰᠢᠷᠠᠭᠠᠳ ᠪᠠᠶ᠋ᠢᠨ᠎ᠠ 
ᠠ    ᠠ ᠠ ᠠ ᠠ   ᠠ 
ᠠ    ᠠ ᠠ ᠠ ᠠ ᠬᠠ ᠬᠠ ᠬᠠ ᠬᠥᠢ 
ᠬᠦᠯᠦᠨ ᠨᠠᠭᠤᠷ ᠦ᠋ᠨ ᠬᠥᠪᠡᠭᠡ
ᠮᠢᠨᠦ ᠲᠥᠷᠥᠭᠰᠡᠨ ᠨᠤᠲᠤᠭ ᠳ᠋ᠠ ᠬᠥᠢ
ᠬᠥᠭᠵᠢᠯ ᠵᠢᠷᠭᠠᠯ ᠪᠢᠯᠬᠠᠷᠠᠭᠰᠠᠨ
ᠪᠠᠶᠠᠨ ᠪᠠᠷᠭᠤ ᠣᠷᠣᠨ ᠳ᠋ᠠ ᠬᠥᠢ

ᠪᠥᠮᠪᠥᠭᠡᠷ ᠴᠠᠭᠠᠨ ᠭᠡᠷ ᠊ᠢ ᠮᠢᠨᠢ
ᠲᠤᠩᠭᠠᠯᠠᠭ ᠮᠠᠨᠲᠤᠯ ᠳ᠋ᠠᠭᠠᠨ ᠲᠣᠯᠢᠲᠠᠭᠰᠠᠨ ᠂
ᠪᠦᠷᠢᠨ ᠵᠢᠷᠭᠠᠯᠲᠤ ᠳᠠᠭᠤᠯᠠᠯ ᠊ᠢ ᠮᠢᠨᠢ
ᠲᠤᠨᠤᠯᠵᠠᠬᠤ ᠳᠣᠯᠭᠢᠶᠠᠨ ᠳ᠋ᠠᠭᠠᠨ ᠴᠤᠤᠷᠢᠶᠠᠲᠤᠭᠤᠯᠤᠭᠰᠠᠨ
                ᠳᠠᠬᠢᠯᠲᠠ

ᠷᠠᠰᠢᠶᠠᠨ ᠤᠰᠤ ᠶ᠋ᠢ ᠴᠢᠨᠢ ᠳᠤᠨᠳᠠᠷᠠᠲᠠᠯ᠎ᠠ ᠤᠤᠭᠤᠲᠠᠭ
ᠠᠲᠤᠭᠤ ᠮᠠᠯ ᠲᠠᠢ ᠪᠣᠯᠤᠶ᠎ᠠ ᠭᠡᠵᠦ ᠂
ᠠᠯᠲᠠᠨ ᠰᠢᠷᠣᠢ ᠳᠡᠭᠡᠷ᠎ᠡ ᠴᠢᠨᠢ ᠥᠰᠦᠭᠰᠡᠨ ᠪᠢ 
ᠠᠵᠢᠯᠯᠠᠵᠤ ᠲᠡᠮᠡᠴᠡᠵᠦ ᠶᠠᠪᠤᠲᠠᠭ ᠳ᠋ᠠ ᠬᠥᠢ ᠃
                 ᠳᠠᠬᠢᠯᠲᠠ

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠤᠷᠠᠨᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ11 ᠪ ᠡᠲᠦᠷ