ᠡᠨᠡᠷᠢᠯ ᠬᠠᠢᠷ᠎ᠠ – ᠦᠭᠡ ᠄ ᠠ‍ · ᠤᠷᠲᠤᠨᠠᠰᠤᠨ ᠂ ᠭ ᠂ ᠪᠠᠷᠬ᠎ᠠ ᠂ ᠠᠶ᠎ᠠ ᠄ ᠳᠦ‍ · ᠳᠦᠭᠦᠷ Энэрэл хайр – Үг ᠄ А · Уртнасан ᠂ Г · Бархаа ᠂ Ая ᠄Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠨᠡᠷᠢᠯ ᠬᠠᠢᠷ᠎ᠠ – ᠦᠭᠡ ᠄ ᠠ‍ · ᠤᠷᠲᠤᠨᠠᠰᠤᠨ ᠂ ᠭ ᠂ ᠪᠠᠷᠬ᠎ᠠ ᠂ ᠠᠶ᠎ᠠ ᠄ ᠳᠦ‍ · ᠳᠦᠭᠦᠷ Энэрэл хайр – Үг ᠄ А · Уртнасан ᠂ Г · Бархаа ᠂ Ая ᠄Д · Дүгүр

ᠡᠨᠡᠷᠢᠯ ᠬᠠᠢᠷ᠎ᠠ – ᠦᠭᠡ ᠄ ᠠ‍ · ᠤᠷᠲᠤᠨᠠᠰᠤᠨ ᠂ ᠭ ᠂ ᠪᠠᠷᠬ᠎ᠠ ᠂ ᠠᠶ᠎ᠠ ᠄ ᠳᠦ‍ · ᠳᠦᠭᠦᠷ Энэрэл хайр – Үг ᠄ А · Уртнасан ᠂ Г · Бархаа ᠂ Ая ᠄Д · Дүгүр

ᠠᠩᠭᠢᠯᠠᠯ:ᠳᠠᠭᠤᠤ ᠬᠥᠭᠵᠢᠮ
2023-04-14

247

ᠡᠨᠡᠷᠢᠯ ᠬᠠᠢᠷ᠎ᠠ

  
           ᠦᠭᠡ ᠄  ᠠ‍ · ᠤᠷᠲᠤᠨᠠᠰᠤᠨ  
                       ᠭ ᠂ ᠪᠠᠷᠬ᠎ᠠ  
            ᠠᠶ᠎ᠠ ᠄ ᠳᠦ‍ · ᠳᠦᠭᠦᠷ  

 ᠬᠥᠮᠦᠨ ᠪ ᠡᠬᠡ ᠳᠡᠯᠡᠬᠡᠢ ᠪᠢᠯᠡ
 ᠬᠦᠰᠡᠯ ᠬᠠᠶ᠋ᠢᠷ᠎ᠠ ᠨᠢ ᠳᠠᠯᠠᠢ ᠶᠤᠮ
 ᠬᠥᠬᠥᠨ ᠪ ᠰᠦ᠋ ᠪᠡᠨ ᠰᠢᠮᠡᠭᠦᠯᠦᠭᠡᠳ
 ᠬᠦᠦ ᠨᠠᠮᠠᠶ᠋ᠢ ᠪᠠᠨ ᠪᠣᠶ᠋ᠢᠵᠢᠭᠤᠯᠵᠤ ᠪᠢᠯᠡ ᠂
 ᠠᠷᠢᠭᠤᠨ ᠴᠠᠭᠠᠨ ᠬᠠᠶ᠋ᠢᠷ᠎ᠠ ᠶ᠋ᠢ ᠴᠢᠨᠢ
 ᠠᠴᠢᠯᠠᠵᠤ ᠶᠠᠭᠤ ᠪᠠᠷ ᠬᠠᠷᠢᠭᠤᠯᠬᠤ ᠪᠢᠯᠡ ᠂ 

 ᠬᠥᠮᠦᠨ ᠪ ᠡᠴᠢᠭᠡ ᠲᠩᠷᠢ ᠪᠢᠯᠡ
 ᠬᠦᠨᠲᠦᠲᠦ ᠰᠤᠷᠭᠠᠯ ᠨᠢ ᠷᠠᠰᠢᠶᠠᠨ ᠶᠤᠮ
 ᠬᠥᠯᠥᠭ ᠦ᠋ᠨ ᠨᠢᠷᠤᠭᠤᠨ  ᠳ᠋ᠤ᠌ ᠳᠠᠰᠬᠠᠭᠠᠳ
 ᠬᠥᠮᠦᠨ ᠪ ᠵᠡᠷᠭᠡ ᠲᠡᠢ ᠪᠣᠯᠭᠠᠵᠤ ᠪᠢᠯᠡ ᠃
          ( ᠳᠠᠭᠢᠯᠲᠠ ) 

 ᠡᠨᠡᠷᠢᠯᠲᠦ ᠪᠠᠭᠰᠢ ᠰᠠᠷᠠ ᠪᠢᠯᠡ
 ᠡᠷᠲᠡᠮ ᠦ᠋ᠨ ᠣᠷᠭᠢᠯ ᠊ᠢ ᠲᠤᠶᠠᠭᠠᠷᠠᠭᠤᠯᠤᠭᠰᠠᠨ ᠶᠤᠮ ᠂
 ᠣᠶᠤᠨ  ᠪᠢᠯᠢᠭ᠌ ᠊ᠢ ᠮᠢᠨᠢ ᠨᠡᠭᠡᠭᠡᠭᠲᠡᠭᠦᠯᠦᠭᠡᠳ
 ᠣᠷᠴᠢᠯᠠᠩ ᠶᠢᠷᠲᠢᠨᠴᠦ ᠶ᠋ᠢ ᠲᠠᠨᠢᠭᠤᠯᠵᠤ ᠪᠢᠯᠡ 
         ( ᠳᠠᠭᠢᠯᠲᠠ )

 ᠡᠬᠡ ᠣᠷᠣᠨ ᠨᠠᠷᠠᠨ ᠪᠢᠯᠡ
 ᠡᠯᠢᠭᠡᠨ ᠬᠠᠶ᠋ᠢᠷ᠎ᠠ ᠨᠢ ᠭᠠᠯ ᠪᠢᠯᠡ
 ᠥᠭᠭᠢᠶᠡᠮᠦᠷ ᠬᠡᠰᠢᠭ ᠶ᠋ᠢᠡᠨ ᠬᠦᠷᠲᠡᠭᠡᠭᠡᠳ
 ᠦᠷ᠎ᠡ ᠨᠠᠮᠠᠢ᠍ᠢ ᠵᠢᠷᠭᠠᠭᠤᠯᠵᠤ ᠪᠢᠯᠡ ᠃ 
        ( ᠳᠠᠭᠢᠯᠲᠠ )

 ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠮᠢᠭᠮᠡᠷ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ11 ᠪ ᠡᠲᠦᠷ