ᠮᠥᠷᠥᠭᠡᠳᠦᠯ – ᠦᠭᠡ ᠄ ᠪᠦ · ᠳᠣᠩᠶᠤᠳᠳᠣᠷᠵᠢ ᠠᠶ᠎ᠠ ᠄ ᠳᠦ · ᠳᠦᠭᠦᠷ Мөрөөдөл – Үг ᠄ Б · Дониуддорж ᠂ Ая ᠄ Д · Дүгүр
ᠮᠥᠷᠥᠭᠡᠳᠦᠯ
ᠦᠭᠡ ᠄ ᠪᠦ · ᠳᠣᠩᠶᠤᠳᠳᠣᠷᠵᠢ
ᠠᠶ᠎ᠠ ᠄ ᠳᠦ · ᠳᠦᠭᠦᠷ
ᠬᠤᠯᠠ ᠶ᠋ᠢᠨ ᠪᠠᠷ᠎ᠠ ᠬᠠᠷᠠᠭᠰᠠᠭᠠᠷ
ᠬᠣᠶᠠᠷ ᠨᠢᠲᠦ ᠮᠢᠨᠢ ᠴᠢᠯᠠᠯᠡ ᠳ᠋ᠠ
ᠬᠣᠭᠣᠰᠣᠨ ᠬᠠᠷᠭᠤᠢ ᠬᠠᠷᠠᠭᠰᠠᠭᠠᠷ
ᠬᠣᠩᠭᠣᠷ ᠰᠡᠤᠠᠬᠢᠯ ᠮᠢᠨᠢ ᠮᠤᠬᠤᠯᠡ ᠳ᠋ᠠ
ᠭᠡᠪᠡᠴᠦ ᠮᠢᠨᠦ ᠬᠣᠩᠭᠣᠷ
ᠭᠡᠷ ᠲᠡᠭᠡᠨ ᠬᠡᠵᠢᠶ᠎ᠡ ᠴᠤ᠌ ᠢᠷᠡᠬᠦ ᠶᠤᠮ ᠪᠤᠢ
ᠭᠡᠷᠡᠯᠲᠦ ᠢᠷᠡᠭᠡᠲᠦᠢ ᠶ᠋ᠢᠨ ᠲᠦᠯᠦᠭᠡ
ᠭᠡᠨᠡᠨ ᠦᠭᠡᠢ ᠰᠤᠷᠬᠤ ᠪᠡᠷ ᠶᠠᠪᠤᠭᠰᠠᠨ ᠶᠤᠮ ᠰᠠᠨ
ᠶᠠᠪᠤᠭᠰᠠᠨ ᠶᠤᠮ ᠰᠠᠨ ᠃
ᠦᠲᠡᠭᠡᠳ ᠮᠣᠷᠲᠠᠭᠤᠯᠤᠭᠰᠠᠨ ᠳᠠᠪᠠᠬ᠋ᠠ ᠪᠠᠨ
ᠦᠵᠡᠭᠡᠳ ᠪᠠᠶ᠋ᠢᠬᠤ ᠳ᠋ᠤ᠌ ᠠᠶᠠᠲᠠᠢ ᠯᠠ ᠪᠠᠶ᠋ᠢᠨ᠎ᠠ
ᠦᠶᠡᠷᠬᠡᠭᠡᠳ ᠳᠠᠪᠬᠢᠭᠤᠯᠤᠭᠰᠠᠨ ᠬᠥᠯᠥᠭ ᠦ᠋ᠨ ᠮᠠᠨᠢ
ᠦᠦᠷᠰᠡᠭᠡᠳ ᠪᠠᠶ᠋ᠢᠬᠤ ᠨᠢ ᠨᠠᠶ᠋ᠢᠷᠲᠠᠢ ᠯᠡ ᠪᠠᠶ᠋ᠢᠨ᠎ᠠ
ᠲᠠᠬᠢᠯᠲᠠ
ᠤᠨᠲᠤᠷᠤᠯᠲᠤ ᠪᠦᠷᠢᠲᠦ ᠶ᠋ᠢ ᠮᠢᠨᠢ ᠬᠥᠭᠵᠢᠭᠡᠳᠡᠭ
ᠤᠶᠠᠩᠭᠠᠲᠤ ᠰᠢᠪᠠᠭᠤᠳ ᠴᠤ᠌ ᠪᠤᠴᠠᠯ᠎ᠠ ᠰᠢᠦ ᠂
ᠤᠷᠤᠰᠬᠠᠯᠲᠤ ᠮᠥᠷᠡᠨ ᠊ᠢ ᠮᠢᠨᠢ ᠬᠥᠪᠡᠭᠡᠯᠡᠳᠡᠭ
ᠤᠷᠭᠤᠬ᠋ᠠ ᠮᠤᠲᠤᠳ ᠴᠤ᠌ ᠰᠢᠷᠠᠯᠠᠯᠠ ᠰᠢᠦ ᠃
ᠲᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ11 ᠪ ᠡᠲᠦᠷ


