ᠬᠢᠯᠢ ᠶ᠋ᠢᠨ ᠪᠠᠭᠠᠲᠤᠷᠴᠤᠳ – ᠦᠭᠡ ᠄ ᠳᠦ · ᠳᠦᠭᠦᠷ ᠂ ᠠᠶ᠎ᠠ ᠄ ᠨᠠᠴᠤᠭᠲᠣᠷᠵᠢ ᠂ ᠳᠦ · ᠳᠦᠭᠦᠷ Хилийн баатарчууд – Үг ᠄ Д · Дүгүр ᠂ Ая ᠄ Нацагдорж ᠂ Д · Дүгүр
ᠬᠢᠯᠢ ᠶ᠋ᠢᠨ ᠪᠠᠭᠠᠲᠤᠷᠴᠤᠳ
ᠦᠭᠡ ᠄ ᠳᠦ · ᠳᠦᠭᠦᠷ
ᠠᠶ᠎ᠠ ᠄ ᠨᠠᠴᠤᠭᠲᠣᠷᠵᠢ
ᠳᠦ · ᠳᠦᠭᠦᠷ
ᠠᠲᠠᠭᠠᠲᠠᠨ ᠳᠠᠶ᠋ᠢᠰᠤᠨ ᠊ᠢ ᠠᠷᠢᠯᠭᠠᠬᠤ ᠳ᠋ᠤ᠌
ᠠᠷᠰᠯᠠᠨ ᠪᠠᠷᠰ ᠰᠢᠭ᠋ ᠳᠠᠭᠠᠷᠢᠨ ᠣᠷᠣᠭᠰᠠᠨ ᠂
ᠡᠬᠡ ᠤᠯᠤᠰ ᠠᠷᠠᠳ ᠲᠦᠮᠡᠨ ᠪ ᠲᠥᠯᠥᠭᠡ
ᠠᠮᠢ ᠨᠠᠰᠤ ᠪᠠᠨ ᠵᠣᠷᠢᠭᠤᠯᠤᠭᠰᠠᠨ ᠃
ᠠ ᠠ ᠠ ᠠ ᠠ ᠠ ᠠ
ᠠ ᠠ ᠠ ᠠ ᠠ ᠠ
ᠠᠯᠲᠠᠨ ᠬᠢᠯᠢ ᠶ᠋ᠢᠨ ᠪᠠᠭᠠᠲᠤᠷᠴᠤᠳ ᠦ᠋ᠨ
ᠠᠯᠲᠠᠷ ᠭᠠᠪᠢᠶ᠎ᠠ ᠶ᠋ᠢ ᠮᠠᠭᠲᠠᠨ ᠳᠠᠭᠤᠯᠠᠨ᠎ᠠ
ᠠᠯᠲᠠᠷ ᠭᠠᠪᠢᠶ᠎ᠠ ᠶ᠋ᠢ ᠮᠠᠭᠲᠠᠨ ᠳᠠᠭᠤᠯᠠᠶ᠎ᠠ ᠃
ᠬᠠᠯᠲᠠᠵᠤ ᠢᠷᠡᠭᠰᠡᠨ ᠬᠠᠷᠭᠢᠰᠴᠤᠳ ᠲᠤ
ᠬᠣᠷᠣᠰᠤᠯ ᠵᠠᠨᠤᠯ ᠡᠪᠦᠷᠯᠡᠭᠰᠡᠨ ᠂
ᠬᠠᠯᠠᠭᠤᠨ ᠠᠮᠢ ᠪᠦᠯᠢᠶᠡᠨ ᠴᠢᠰᠤ ᠪᠠᠷ ᠶ᠋ᠢᠠᠨ
ᠬᠠᠶ᠋ᠢᠷᠠᠲᠤ ᠤᠯᠤᠰ ᠶ᠋ᠢᠠᠨ ᠬᠠᠮᠠᠭᠠᠯᠠᠭᠰᠠᠨ ᠃
ᠳᠠᠬᠢᠯᠲᠠ
ᠲᠦᠷᠢᠮᠡᠬᠡᠢ ᠳᠠᠶ᠋ᠢᠰᠤᠨ ᠊ᠢ ᠪᠤᠲᠠ ᠴᠣᠬᠢᠵᠤ
ᠲᠡᠷᠢᠭᠦᠨ ᠭᠠᠪᠢᠶ᠎ᠠ ᠪᠠᠶ᠋ᠢᠭᠤᠯᠤᠭᠰᠠᠨ ᠂
ᠲᠦᠷᠦ ᠤᠯᠤᠰ ᠶ᠋ᠢᠠᠨ ᠬᠠᠮᠠᠭᠠᠯᠠᠬᠤ ᠳ᠋ᠤ᠌
ᠲᠦᠮᠡᠨ ᠣᠯᠠᠨ ᠠ᠋ᠴᠠ ᠰᠢᠯᠭᠠᠷᠠᠭᠰᠠᠨ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠤᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ4 ᠰᠠᠷ᠎ᠠ ᠶ᠋ᠢᠨ12 ᠪ ᠡᠲᠦᠷ
