ᠭᠠᠷᠴᠠᠭ ᠦᠭᠡᠢ – ᠲ ᠂ ᠭᠣᠮᠪᠣᠵᠠᠪ Гарчиггүй – Т ᠂ Гомбожав
ᠭᠠᠷᠴᠠᠭ ᠦᠭᠡᠢ
ᠲ ᠂ ᠭᠣᠮᠪᠣᠵᠠᠪ
ᠲᠠᠯ᠎ᠠ ᠳ᠋ᠤ᠌ ᠪᠤᠬ᠎ᠠ ᠮᠥᠷᠭᠥᠯᠳᠦᠨᠡ
ᠳᠥᠷᠪᠡᠨ ᠨᠢᠳᠦ
ᠳᠥᠷᠪᠡᠨ ᠣᠪᠣᠭ᠎ᠠ ᠭᠠᠯ
ᠨᠠᠢ᠍ᠮᠠᠨ ᠬᠥᠯ ᠢᠶ᠋ᠠᠷ ᠬᠣᠶᠠᠷ ᠠᠭᠤᠯᠠ ᠪᠠᠷᠢᠯᠳᠤᠨ᠎ᠠ
ᠪᠢ ᠨᠢᠳᠦ ᠪᠡᠨ ᠠᠨᠢᠵᠤ ᠵᠣᠭᠰᠣᠯ᠎ᠠ
ᠵᠠᠮ ᠤᠨ ᠭᠣᠣᠯ ᠳ᠋ᠤ᠌ ᠲᠡᠷᠭᠡ ᠮᠥᠷᠭᠥᠯᠳᠦᠯᠡ
ᠠᠮᠢ ᠨᠠᠰᠤ ᠴᠢᠰᠤ ᠤᠷᠤᠰᠤᠨ
ᠴᠢᠯᠠᠭᠤᠨ ᠲᠣᠰᠣ ᠳᠦᠷᠡᠯᠵᠡᠨ ᠰᠢᠲᠠᠵᠤ
ᠲᠡᠮᠦᠷ ᠪᠠ ᠪᠣᠯᠣᠳ ᠂ ᠶᠠᠰᠤ ᠬᠤᠭᠤᠷᠠᠵᠤ ᠪᠠᠶ᠋ᠢᠯ᠎ᠠ
ᠪᠢ ᠵᠠᠯᠪᠠᠷᠢᠵᠤ ᠵᠣᠭᠰᠣᠯ᠎ᠠ
ᠠᠷᠢᠭᠤᠨ ᠳᠡᠯᠡᠬᠡᠢ ᠳ᠋ᠦ᠍ ᠰᠡᠳᠬᠢᠯ ᠮᠥᠷᠭᠥᠯᠳᠦᠨᠡ
ᠠᠯᠠᠯᠭ᠎ᠠ ᠂ ᠬᠢᠳᠤᠯᠭ᠎ᠠ ᠂ ᠲᠡᠶ᠋ᠢᠨ ᠬᠢᠵᠦ ᠦᠵᠡᠭᠳᠡᠨ᠎ᠡ
ᠠᠭᠠᠷ ᠡᠭᠡᠳᠡᠷᠡᠵᠦ
ᠤᠷᠤᠨ ᠴᠠᠭ ᠴᠠᠷᠴᠠᠨ
ᠠᠮᠢᠳᠤᠷᠠᠯ ᠴᠢᠰᠤ ᠠᠯᠳᠠᠭᠠᠳ
ᠵᠡᠪᠡᠬᠡᠢ ᠴᠢᠷᠠᠶ᠋ᠢᠯᠠᠵᠤ ᠬᠠᠷᠠᠭᠳᠠᠨ᠎ᠠ
ᠪᠢ ᠢᠨᠢᠶᠡᠳᠦ ᠪᠡᠨ ᠴᠢᠯᠠᠭᠤᠳᠠᠯᠠ ᠡ
1985.4.25
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠴᠤᠯᠮᠤᠨᠲᠤᠶᠠᠭ᠎ᠠ
ᠬᠢᠨᠠᠭ᠍ᠴᠢ ᠄ ᠲᠤᠭ᠍ᠴᠢ ᠰᠠᠷᠠᠨ᠎ᠠ
20230412
