ᠠᠯᠲᠠᠨ ᠬᠠᠲᠠᠨ ᠪ ᠳᠠᠭᠤᠤ - ᠦᠭᠡ ᠄ ᠯᠢᠭᠳᠡᠨ ᠂ ᠠᠶ᠎ᠠ ᠄ ᠳᠦ‍ · ᠳᠦᠭᠦᠷ Алтан хадны дуу - Үг ᠄ Лигдэн ᠂ Ая ᠄ Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠬᠠᠲᠠᠨ ᠪ ᠳᠠᠭᠤᠤ - ᠦᠭᠡ ᠄ ᠯᠢᠭᠳᠡᠨ ᠂ ᠠᠶ᠎ᠠ ᠄ ᠳᠦ‍ · ᠳᠦᠭᠦᠷ Алтан хадны дуу - Үг ᠄ Лигдэн ᠂ Ая ᠄ Д · Дүгүр

ᠠᠯᠲᠠᠨ ᠬᠠᠲᠠᠨ ᠪ ᠳᠠᠭᠤᠤ - ᠦᠭᠡ ᠄ ᠯᠢᠭᠳᠡᠨ ᠂ ᠠᠶ᠎ᠠ ᠄ ᠳᠦ‍ · ᠳᠦᠭᠦᠷ Алтан хадны дуу - Үг ᠄ Лигдэн ᠂ Ая ᠄ Д · Дүгүр

ᠠᠩᠭᠢᠯᠠᠯ:ᠳᠠᠭᠤᠤ ᠬᠥᠭᠵᠢᠮ
2023-04-14

301

ᠠᠯᠲᠠᠨ ᠬᠠᠲᠠᠨ ᠪ ᠳᠠᠭᠤᠤ


           ᠦᠭᠡ ᠄  ᠯᠢᠭᠳᠡᠨ 
           ᠠᠶ᠎ᠠ ᠄ ᠳᠦ‍ · ᠳᠦᠭᠦᠷ  

 ᠠᠯᠲᠠᠨ( ᠶᠤ᠌) ᠪᠢᠷ ᠮᠢᠨᠢ
 ᠠᠩᠬ᠎ᠠ ᠴᠤᠭᠯᠠᠯ᠎ᠠ ᠬᠦ᠋ ᠂
 ᠠᠪᠢᠶᠠᠰ( ᠶᠤ᠌ )  ᠪᠢᠯᠢᠭ᠌ ᠶ᠋ᠢᠡᠨ
 ᠰᠣᠷᠢᠵᠤ ᠰᠠᠭᠤᠯ᠎ᠠ ᠬᠦ᠋  ᠃

 ᠠᠯᠲᠠᠨ ᠬᠠᠲᠠᠨ ᠳᠡᠭᠡᠷ᠎ᠡ
 ᠳᠤᠭᠤᠶ᠋ᠢᠯᠠᠵᠤ ᠰᠠᠭᠤᠯ᠎ᠠ ᠬᠦ᠋ ᠂
 ᠠᠯᠲᠠᠷᠲᠤ ᠰᠢᠯᠦᠭᠴᠢᠨ  ᠨᠠ‍ · ᠰᠠᠢᠨ ᠶ᠋ᠢᠠᠨ
 ᠳᠤᠷᠠᠰᠬᠠᠵᠤ ᠰᠠᠭᠤᠯ᠎ᠠ ᠬᠦ᠋ ᠃

 ᠠᠶᠠᠯᠭᠤ ( ᠶᠤ᠌ ) ᠳᠠᠭᠤᠤ ᠪᠠᠨ
 ᠬᠠᠩᠭᠢᠨᠠᠭᠤᠯᠵᠤ ᠰᠠᠭᠤᠯ᠎ᠠ ᠬᠦ᠋ ᠂
 ᠠᠯᠢᠶ᠎ᠠ ( ᠶᠤ᠌ ) ᠪᠦᠵᠢᠭ ᠶ᠋ᠢᠡᠨ
 ᠲᠣᠭᠯᠠᠵᠤ ᠰᠠᠭᠤᠯ᠎ᠠ ᠬᠦ᠋ ᠃
 
 ᠷᠠᠰᠢᠶᠠᠨ ( ᠶᠤ᠌ ) ᠬᠤᠷ᠎ᠠ ᠎ᠳ᠋ᠦ᠍ᠨᠢ
 ᠤᠬᠢᠶᠠᠭᠲᠠᠵᠤ ᠰᠠᠭᠤᠯ᠎ᠠ ᠬᠦ᠋ ᠂
 ᠠᠬ᠎ᠠ ᠳᠡᠭᠦᠦ ( ᠶᠤ᠌ ) ᠣᠯᠠᠨ ᠲᠠᠢ ᠪᠠᠨ
 ᠨᠠᠶ᠋ᠢᠷᠯᠠᠵᠤ ᠰᠠᠭᠤᠯ᠎ᠠ ᠬᠦ᠋ ᠃

    ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠪᠠᠶᠠᠷᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ12 ᠪ ᠡᠲᠦᠷ