ᠰᠡᠳᠬᠢᠯ ᠠᠨᠢᠷᠯᠠᠬᠤᠢ- ᠵ ᠪᠢᠮᠪᠠ᠂ ᠲ ᠬᠡᠰᠢᠭᠰᠦ᠋ᠷᠦᠩСэтгэл анирлахуй-ж бямба, т хишигсүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠠᠨᠢᠷᠯᠠᠬᠤᠢ- ᠵ ᠪᠢᠮᠪᠠ᠂ ᠲ ᠬᠡᠰᠢᠭᠰᠦ᠋ᠷᠦᠩСэтгэл анирлахуй-ж бямба, т хишигсүрэн

ᠰᠡᠳᠬᠢᠯ ᠠᠨᠢᠷᠯᠠᠬᠤᠢ- ᠵ ᠪᠢᠮᠪᠠ᠂ ᠲ ᠬᠡᠰᠢᠭᠰᠦ᠋ᠷᠦᠩСэтгэл анирлахуй-ж бямба, т хишигсүрэн

2023-04-14

284

ᠰᠡᠳᠬᠢᠯ ᠠᠨᠢᠷᠯᠠᠬᠤᠢ

  ᠤᠶᠠᠩᠭᠠᠯᠠᠭ᠍ᠴᠢ᠄ ᠵ ᠪᠢᠮᠪᠠ ᠂ ᠲ ᠬᠡᠰᠢᠭᠰᠦᠷᠦᠩ 
ᠣᠷᠣᠢ ᠶ᠋ᠢᠨ ᠨᠠᠮᠤᠷ ᠤ᠋ᠨ ᠴᠠᠰᠤ ᠶ᠋ᠢ ᠵᠢᠷᠤᠭᠯᠠᠭᠰᠠᠨ ᠪᠤᠭᠤ ᠶ᠋ᠢᠨ ᠵᠢᠮ — 
ᠮᠣᠩᠭᠣᠯ ᠪᠢᠴᠢᠭ 
ᠣᠯᠠᠨ ᠤᠰᠤᠨ ᠤ᠋ ᠬᠠᠪᠤᠷᠵᠢᠶᠠᠨ ᠤ᠋ ᠣᠮᠣᠭᠯᠠᠨ ᠪᠤᠯᠠᠭ — 
ᠮᠣᠩᠭᠣᠯ ᠪᠢᠴᠢᠭ 
ᠳᠡᠯᠡᠬᠡᠢ ᠳ᠋ᠦ᠍ ᠲᠠᠮᠠᠭᠠᠯᠠᠭᠰᠠᠨ ᠮᠣᠷᠢᠳ ᠤ᠋ᠨ ᠲᠤᠭᠤᠷᠠᠢ ᠶ᠋ᠢᠨ ᠲᠣᠭᠣᠰᠣ — 
ᠮᠣᠩᠭᠣᠯ ᠪᠢᠴᠢᠭ 
ᠳᠡᠭᠡᠪᠦᠷᠲᠦ ᠴᠠᠭᠠᠨ ᠭᠡᠷ ᠦ᠋ᠨ ᠴᠡᠩᠬᠡᠷ ᠤᠲᠤᠭ᠎ᠠ — 
ᠮᠣᠩᠭᠣᠯ ᠪᠢᠴᠢᠭ 
ᠳᠡᠭᠡᠳᠦᠰ ᠬᠠᠭᠠᠳ ᠤ᠋ᠨ ᠲᠠᠮᠠᠭᠠᠨ ᠳ᠋ᠠᠬᠢ ᠳᠠᠷᠤᠳᠠᠰᠤ ᠪᠦᠬᠦᠨ — 
ᠮᠣᠩᠭᠣᠯ ᠪᠢᠴᠢᠭ
ᠳᠡᠨᠵᠢ ᠶ᠋ᠢᠨ ᠴᠡᠴᠡᠭ ᠊ᠢ ᠵᠠᠶ᠋ᠢᠮᠤᠴᠢᠭᠤᠯᠤᠭᠰᠠᠨ ᠮᠣᠷᠢᠨ ᠤ᠋ ᠶᠠᠪᠤᠳᠠᠯ —
ᠮᠣᠩᠭᠣᠯ ᠪᠢᠴᠢᠭ
ᠳᠦᠭᠦᠷᠡᠩ ᠳᠡᠯᠭᠡᠷ ᠨᠠᠷᠠᠨ ᠤ᠋ ᠨᠣᠮᠢᠨ ᠰᠣᠯᠣᠩᠭ᠎ᠠ —
ᠮᠣᠩᠭᠣᠯ ᠪᠢᠴᠢᠭ
ᠲᠥᠬᠥᠷ ᠰᠢᠲᠠᠭᠰᠠᠨ ᠴᠢᠯᠠᠭᠤᠨ ᠤ᠋ ᠲᠤᠭᠤᠯᠤᠭᠰᠠᠨ ᠵᠠᠮ —
ᠮᠣᠩᠭᠣᠯ ᠪᠢᠴᠢᠭ
ᠳᠡᠭᠦᠦ ᠪᠡᠨ ᠳᠠᠭᠠᠭᠤᠯᠵᠤ ᠭᠦᠶᠦᠯᠲᠦᠭᠰᠡᠨ ᠨᠤᠭᠤ ᠶ᠋ᠢᠨ ᠵᠢᠮ —
ᠮᠣᠩᠭᠣᠯ ᠪᠢᠴᠢᠭ
ᠳᠦᠷᠡᠯᠵᠡᠨ ᠠᠰᠠᠬᠤ ᠭᠠᠯ ᠤ᠋ᠨ ᠬᠥᠬᠡ ᠢᠷ —
ᠮᠣᠩᠭᠣᠯ ᠪᠢᠴᠢᠭ
ᠠᠯᠲᠠᠢ ᠶ᠋ᠢᠨ ᠢᠵᠠᠭᠤᠷᠲᠤ ᠬᠡᠯᠡᠨ ᠦ᠌ ᠴᠢᠮᠡᠭ ᠪᠣᠯᠤᠭᠰᠠᠨ —
ᠮᠣᠩᠭᠣᠯ ᠪᠢᠴᠢᠭ
ᠠᠯᠲᠠᠨ ᠬᠠᠷᠭᠠᠨ᠎ᠠ ᠶ᠋ᠢᠨ ᠭᠦᠢᠯᠡᠰᠦᠨ ᠳᠡᠭᠡᠷᠡᠬᠢ ᠰᠤᠳᠤᠷ ᠨᠣᠮ —
ᠮᠣᠩᠭᠣᠯ ᠪᠢᠴᠢᠭ
ᠠᠤᠭ᠎ᠠ ᠳᠡᠭᠡᠳᠦᠰ ᠦ᠋ᠨ ᠰᠣᠶᠣᠯ ᠪᠠᠶ᠋ᠢᠬᠰᠠᠨ ᠠ᠋ᠴᠠ ᠠᠮᠢ ᠪᠠᠨ ᠠᠯᠳᠠᠬᠤ ᠳᠥᠭᠥᠭᠰᠡᠨ —
ᠮᠣᠩᠭᠣᠯ ᠪᠢᠴᠢᠭ
ᠠᠷᠤ ᠥᠪᠥᠷ ᠂ ᠬᠠᠯᠢᠮᠠᠭ ᠂ ᠰᠢᠨᠵᠢᠶᠠᠩ ᠠᠯᠢ ᠠᠯᠢᠨ —
ᠮᠣᠩᠭᠣᠯ ᠪᠢᠴᠢᠭ
ᠴᠠᠰᠤᠲᠤ ᠶ᠋ᠢᠨ ᠮᠣᠩᠭᠣᠯ ᠂ ᠴᠠᠭᠠᠨ ᠮᠣᠩᠭᠣᠯ ᠂ ᠬᠠᠵᠠᠭᠠᠷ ᠮᠣᠩᠭᠣᠯ
ᠴᠠᠭ ᠴᠠᠭ ᠤ᠋ᠨ ᠮᠣᠩᠭᠣᠯ ᠪᠢᠴᠢᠭ
ᠴᠠᠰᠤᠨ ᠳᠡᠭᠡᠭᠦᠷ ᠲᠠᠭᠤᠭᠰᠠᠨ ᠮᠠᠯ ᠤ᠋ᠨ ᠴᠠᠴᠤᠭ ᠮᠥᠷ —
ᠮᠣᠩᠭᠣᠯ ᠪᠢᠴᠢᠭ
ᠲᠡᠷᠲᠡᠭᠡ ᠬᠥᠲᠥᠯ ᠊ᠢ ᠳᠠᠪᠠᠵᠤ ᠶᠠᠪᠤᠭ᠎ᠠ ᠲᠡᠮᠡᠭᠡᠨ ᠵᠢᠩ —
ᠮᠣᠩᠭᠣᠯ ᠪᠢᠴᠢᠭ
ᠲᠩᠷᠢ ᠭᠠᠵᠠᠷ ᠊ᠢ ᠨᠡᠬᠡᠵᠦ ᠪᠠᠶ᠋ᠢᠭ᠎ᠠ ᠪᠣᠷᠣᠭᠠᠨ ᠳᠤᠰᠤᠯ —
ᠮᠣᠩᠭᠣᠯ ᠪᠢᠴᠢᠭ
ᠬᠠᠷᠢ ᠶ᠋ᠢᠨ ᠭᠦᠷᠦᠨ ᠳ᠋ᠦ᠍ ᠥᠷᠲᠡᠭᠡᠯᠡᠭᠰᠡᠨ ᠥᠳᠥᠲᠦ ᠵᠠᠬᠢᠳᠠᠯ —
ᠮᠣᠩᠭᠣᠯ ᠪᠢᠴᠢᠭ
ᠬᠠᠭᠠᠳ ᠤ᠋ᠨ ᠵᠠᠷᠯᠢᠭ ᠠᠭᠤᠯᠤᠭᠰᠠᠨ ᠬᠠᠰ ᠯᠤᠤ ᠲᠠᠮᠠᠭ᠎ᠠ —
ᠮᠣᠩᠭᠣᠯ ᠪᠢᠴᠢᠭ
ᠭᠦᠷᠦᠨ ᠦ᠌ ᠲᠡᠦᠬᠡ ᠶ᠋ᠢ ᠬᠠᠳᠠᠭᠠᠯᠠᠭᠰᠠᠨ ᠲᠩᠷᠢ ᠶ᠋ᠢᠨ ᠪᠣᠱᠣᠭ᠎ᠠ —
ᠭᠡᠷᠡᠯᠲᠦ ᠪᠢᠴᠢᠭ
ᠡᠷᠢᠨ ᠦ᠌ ᠲᠣᠭᠠᠯᠠᠯ ᠳ᠋ᠤ᠌ ᠮᠥᠩᠬᠡᠷᠡᠭᠰᠡᠨ ᠡᠷᠬᠡ ᠳᠦᠷᠢ ᠶ᠋ᠢᠨ ᠴᠠᠳᠢᠭ —
ᠮᠣᠩᠭᠣᠯ ᠪᠢᠴᠢᠭ
ᠬᠥᠰᠢᠶ᠎ᠡ ᠴᠢᠯᠠᠭᠤᠨ ᠳ᠋ᠤ᠌ ᠰᠡᠶ᠋ᠢᠯᠦᠭᠲᠡᠭᠰᠡᠨ ᠰᠦᠭ ᠵᠢᠷᠤᠭ ᠦ᠋ᠳ —
ᠤᠭ ᠪᠢᠴᠢᠭ
ᠬᠥᠬᠡ ᠮᠣᠩᠭᠣᠯ ᠡᠪᠦᠭᠡᠳ ᠦ᠋ᠨ ᠲᠡᠦᠬᠡ ᠵᠢᠷᠤᠭ —
ᠣᠪᠣᠭ ᠪᠢᠴᠢᠭ
ᠬᠥᠮᠦᠨ ᠲᠥᠷᠥᠯᠬᠢᠲᠡᠨ ᠳ᠋ᠦ᠍ ᠮᠥᠩᠬᠡᠯᠡᠭᠰᠡᠨ ᠡᠷᠬᠢᠮ ᠰᠣᠶᠣᠯ —
ᠳᠡᠭᠡᠳᠦ ᠪᠢᠴᠢᠭ
ᠾᠢᠦᠩᠨᠦ ᠰᠢᠶᠡᠨᠪᠢ  ᠶ᠋ᠢᠨ ᠲᠡᠦᠬᠡ ᠲᠡᠮᠳᠡᠭᠯᠡᠭᠰᠡᠨ ᠶᠡᠬᠡ ᠨᠡᠭᠦᠳᠡᠯ —
ᠬᠤᠳᠤᠮ ᠪᠢᠴᠢᠭ
ᠨᠠᠷᠠᠨ ᠵᠥᠪ ᠲᠦ᠍ ᠲᠢᠲᠢᠮᠯᠡᠵᠦ ᠪᠢᠴᠢᠭᠰᠡᠨ ᠣᠮᠣᠭ ᠲᠡᠭᠦᠯᠳᠡᠷ —
ᠭᠠᠯ ᠪᠢᠴᠢᠭ
ᠨᠠᠰᠤᠨ ᠬᠤᠲᠤᠭ ᠊ᠢ ᠪᠡᠯᠭᠡᠳᠡᠵᠦ ᠲᠠᠲᠠᠭᠰᠠᠨ ᠵᠠᠭᠤᠨ ᠵᠠᠭᠤᠨ ᠤ᠋ ᠪᠣᠰᠤᠭ᠎ᠠ ᠪᠢᠴᠢᠭ
ᠳᠡᠪᠲᠡᠷ ᠨᠣᠮ ᠤ᠋ᠨ ᠬᠠᠭᠤᠳᠠᠰᠤᠨ ᠳ᠋ᠤ᠌ ᠣᠷᠣᠰᠢᠭᠰᠠᠨ
ᠳᠡᠭᠡᠷᠡᠬᠢ ᠨᠠᠷᠠᠨ ᠤ᠋ ᠰᠠᠴᠤᠷᠠᠭ ᠪᠢᠴᠢᠭ
ᠳᠡᠯᠡᠬᠡᠢ ᠶ᠋ᠢᠨ ᠰᠣᠶᠣᠯ ᠤ᠋ᠨ ᠡᠪᠦᠭᠡᠨ ᠡᠴᠢᠭᠡ
ᠳᠡᠭᠡᠳᠦ ᠲᠩᠷᠢ ᠶ᠋ᠢᠨ ᠵᠠᠷᠯᠢᠭ ᠪᠢᠴᠢᠭ —
ᠮᠣᠩᠭᠣᠯ ᠪᠢᠴᠢᠭ

   ᠦᠰᠦᠭ ᠠᠮᠢᠯᠠᠭᠤᠯᠤᠭᠴᠢ ᠄  ᠬᠠᠰᠴᠢᠮᠡᠭ
   ᠬᠢᠨᠠᠭᠴᠢ ᠪᠠᠭᠰᠢ ᠄ ᠠᠯᠲᠠᠨ ᠠᠭᠤᠯᠠ