ᠰᠠᠢᠬᠠᠨ ᠰᠠᠢᠷᠠᠮСайхан сайрам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠰᠠᠢᠷᠠᠮСайхан сайрам

ᠰᠠᠢᠬᠠᠨ ᠰᠠᠢᠷᠠᠮСайхан сайрам

ᠠᠩᠭᠢᠯᠠᠯ:ᠳᠠᠭᠤᠤ ᠬᠥᠭᠵᠢᠮ
2023-04-14

329

ᠰᠠᠢᠬᠠᠨ ᠰᠠᠢᠷᠠᠮ

ᠡᠷᠡᠯᠬᠡᠭ ᠮᠠᠯᠴᠢᠳ ᠤ᠋ᠨ ᠪᠠᠶᠠᠨ ᠵᠤᠰᠠᠯᠠᠩ
ᠪᠠᠬᠠᠷᠤᠮ᠎ᠠ ᠰᠠᠢᠷᠠᠮ 
ᠬᠥ
ᠡᠬᠡ ᠤᠯᠤᠰ ᠤ᠋ᠨ ᠬᠢᠵᠠᠭᠠᠷ ᠣᠷᠣᠨ
ᠪᠠᠶᠠᠯᠢᠭ ᠭᠠᠵᠠᠷ ᠬᠥ ᠂
ᠠ ᠬᠥ ᠠ ᠬᠠ ᠬᠠ 
ᠬᠥ
ᠰᠠᠢᠬᠠᠨ ᠰᠠᠢᠷᠠᠮ 
ᠬᠥ
ᠲᠠᠪᠤᠨ ᠬᠣᠰᠢᠭᠤ ᠮᠠᠯ ᠰᠦᠷᠦᠭ ᠦ᠋ᠨ
ᠲᠠᠩᠰᠤᠭ ᠪᠡᠯᠴᠢᠭᠡᠷ ᠬᠥ ᠃

ᠰᠢᠮ᠎ᠡ ᠲᠡᠭᠦᠯᠳᠡᠷ ᠰᠠᠢᠷᠠᠮ ᠦ᠋ᠨ ᠬᠥᠳᠡᠭᠡ
ᠡᠪᠡᠰᠦ ᠨᠢ ᠰᠣᠷᠭᠣᠭ 
ᠬᠥ
ᠰᠢᠷᠦᠭᠦᠨ ᠳᠣᠯᠭᠢᠶᠠᠨ ᠲᠠᠢ ᠰᠠᠢᠷᠠᠮ ᠦ᠋ᠨ ᠨᠠᠭᠤᠷ ᠤ᠋ᠨ
ᠤᠰᠤ ᠨᠢ ᠲᠤᠩᠭᠠᠯᠠᠭ ᠬᠥ ᠂
ᠠ ᠬᠥ ᠠ ᠬᠠ ᠬᠠ 
ᠬᠥ
ᠰᠠᠢᠬᠠᠨ ᠰᠠᠢᠷᠠᠮ 
ᠬᠥ
ᠰᠠᠷᠠᠭᠤᠯ ᠲᠠᠯ᠎ᠠ ᠶ᠋ᠢᠨ ᠮᠠᠯᠴᠢᠨ ᠠᠷᠠᠳ ᠤ᠋ᠨ
ᠰᠠᠭᠠᠯᠢ ᠶ᠋ᠢᠨ ᠣᠷᠣᠨ ᠬᠥ ᠃

ᠥᠨᠢᠷ ᠪᠠᠶᠠᠯᠢᠭ ᠰᠠᠢᠷᠠᠮ ᠦ᠋ᠨ ᠨᠠᠭᠤᠷ
ᠮᠠᠯᠴᠢᠳ ᠤ᠋ᠨ ᠣᠮᠣᠭᠰᠢᠯ 
ᠬᠥ
ᠥᠷᠯᠥᠭ ᠨᠠᠮ ᠮᠠᠤ ᠵᠦᠰᠢ ᠮᠢᠨᠢ
ᠮᠥᠩᠬᠡ ᠶ᠋ᠢᠨ ᠨᠠᠷᠠ ᠬᠥ ᠂
ᠠ ᠬᠥ ᠠ ᠬᠠ ᠬᠠ 
ᠬᠥ
ᠰᠠᠢᠬᠠᠨ ᠰᠠᠢᠷᠠᠮ 
ᠬᠥ
ᠤᠯᠠᠭᠠᠨ ᠨᠠᠷᠠᠨ ᠤ᠋ ᠲᠤᠶᠠᠭᠠᠨ ᠳ᠋ᠤ᠌
ᠦᠵᠡᠮᠵᠢᠲᠡᠢ ᠬᠠᠷᠠᠭᠳᠠᠨ᠎ᠠ ᠬᠥ ᠃

   ᠦᠰᠦᠭ ᠠᠮᠢᠯᠠᠭᠤᠯᠤᠭᠴᠢ ᠄ ᠱᠠᠭᠰᠠᠯ
   ᠬᠢᠨᠠᠭᠴᠢ ᠄ ᠪᠠᠲᠤᠰᠦ᠋ᠬᠡ