ᠰᠠᠢᠬᠠᠨ ᠪᠦᠰᠡᠭᠦᠢ- ᠬᠤᠷᠳᠤ ᠬᠠᠮᠲᠤᠯᠢᠭ ᠂ ᠡ‍ · ᠳᠠᠰᠢᠨᠢᠮ᠎ᠠСайхан бүсгүй-хурд хамтлаг , ө · дашням ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠪᠦᠰᠡᠭᠦᠢ- ᠬᠤᠷᠳᠤ ᠬᠠᠮᠲᠤᠯᠢᠭ ᠂ ᠡ‍ · ᠳᠠᠰᠢᠨᠢᠮ᠎ᠠСайхан бүсгүй-хурд хамтлаг , ө · дашням

ᠰᠠᠢᠬᠠᠨ ᠪᠦᠰᠡᠭᠦᠢ- ᠬᠤᠷᠳᠤ ᠬᠠᠮᠲᠤᠯᠢᠭ ᠂ ᠡ‍ · ᠳᠠᠰᠢᠨᠢᠮ᠎ᠠСайхан бүсгүй-хурд хамтлаг , ө · дашням

ᠠᠩᠭᠢᠯᠠᠯ:ᠳᠠᠭᠤᠤ ᠬᠥᠭᠵᠢᠮ
2023-04-13

254

ᠰᠠᠢᠬᠠᠨ ᠪᠦᠰᠡᠭᠦᠢ

   ᠦᠭᠡ ᠄  ᠳᠠᠸᠠᠳᠠᠰᠢ
   
ᠠᠶ᠎ᠠ ᠄   ᠡᠰᠢᠬᠦᠦ
   
ᠬᠤᠷᠳᠤ ᠬᠠᠮᠲᠤᠯᠢᠭ  · ᠳᠠᠰᠢᠨᠢᠮ᠎ᠠ ᠳᠠᠭᠤᠯᠠᠨ᠎ᠠ

ᠰᠥᠨᠢ ‍ᠶ᠋ᠢᠨ ᠭᠡᠭᠡᠨ ᠵᠡᠭᠦᠳᠦᠨ ‍ᠳᠤ
ᠬᠥᠲᠥᠯᠦᠯᠴᠡᠭᠡᠳ ᠨᠠᠳᠠ ᠲᠠᠢ ᠭᠦᠶᠦᠳᠡᠭ ᠰᠠᠨ
ᠡᠳᠦᠷ ᠦ᠋ᠨ ᠠᠷᠢᠭᠤᠨ ᠪᠣᠳᠣᠯ ‍ᠳᠤ ᠮᠢᠨᠢ
ᠬᠡᠷᠡᠯᠳᠦᠭᠡᠳ ᠲᠠᠩᠳᠠ ᠪᠠᠭᠤᠳᠠᠭ ᠰᠠᠨ

ᠰᠦᠷᠴᠢᠭ ᠦ᠋ᠨ ᠦᠨᠦᠷ ᠲᠡᠢ ᠰᠠᠯᠬᠢᠨ ‍ᠳᠤ
ᠪᠠᠷᠠᠳᠠᠵᠤ ᠤᠳᠠᠭᠠᠨ ᠳᠠᠭᠠᠳᠠᠭ ᠰᠠᠨ
ᠬᠢᠰᠠᠯ ᠤ᠋ᠨ ᠵᠠᠢ ᠲᠠᠢ ᠬᠣᠷᠸ᠋᠎ᠠ ‍ᠳᠤ ᠨᠢ
ᠰᠠᠵᠢᠯᠠᠭᠰᠠᠭᠠᠷ ᠭᠠᠭᠴᠠᠭᠠᠷ ᠪᠤᠴᠠᠳᠠᠭ ᠰᠠᠨ
ᠰᠠᠨᠠᠭᠠᠨ ᠠ᠋ᠴᠠ ᠭᠠᠷᠳᠠᠭ ᠦᠭᠡᠢ ᠰᠠᠢᠬᠠᠨ ᠪᠦᠰᠡᠭᠦᠢ ‍ᠶ᠋ᠢ
ᠰᠠᠷ᠎ᠠ ᠵᠢᠯ ᠢ᠋ᠶ᠋ᠡᠷ ᠬᠠᠷᠠᠭᠤᠯᠳᠠᠨ᠎ᠠ ᠪᠢ
ᠰᠠᠪᠠᠭ᠎ᠠ ᠦᠭᠡᠢ ᠬᠦᠰᠡᠯ ‍ᠳᠤ ᠪᠠᠨ ᠲᠡᠭᠦᠷᠲᠦᠵᠦ ᠶᠠᠪᠤᠭᠰᠠᠨ
ᠵᠢᠯᠣᠭᠣ ᠰᠤᠯᠠ ᠨᠠᠰᠤ ᠮᠢᠨᠢ ᠳᠡ ᠬᠥ

ᠬᠦᠰᠡᠯ ᠦ᠋ᠨ ᠰᠢᠷᠭᠠᠯ ᠬᠠᠷᠭᠤᠢ ‍ᠳᠤ
ᠬᠥᠭᠡᠭᠡᠴᠡᠯᠳᠦᠨ ᠲᠣᠭᠯᠠᠵᠤ ᠭᠦᠶᠦᠳᠡᠭ ᠰᠠᠨ
ᠬᠥᠮᠦᠨ ᠦ᠌ ᠬᠦᠦ ‍ᠶ᠋ᠢᠨ ᠳᠠᠶ᠋ᠢᠲᠠᠢ ‍ᠳᠤ ᠪᠢ
ᠰᠠᠨᠠᠵᠤ ᠪᠣᠳᠣᠵᠤ ᠶᠠᠪᠤᠳᠠᠭ ᠰᠠᠨ
ᠰᠠᠨᠠᠭᠠᠨ ᠠ᠋ᠴᠠ ᠭᠠᠷᠳᠠᠭ ᠦᠭᠡᠢ ᠰᠠᠢᠬᠠᠨ ᠪᠦᠰᠡᠭᠦᠢ ‍ᠶ᠋ᠢ
ᠰᠠᠷ᠎ᠠ ᠵᠢᠯ ᠢ᠋ᠶ᠋ᠡᠷ ᠬᠠᠷᠠᠭᠤᠯᠳᠠᠨ᠎ᠠ ᠪᠢ
ᠰᠠᠪᠠᠭ᠎ᠠ ᠦᠭᠡᠢ ᠬᠦᠰᠡᠯ ‍ᠳᠤ ᠪᠠᠨ ᠲᠡᠭᠦᠷᠲᠦᠵᠦ ᠶᠠᠪᠤᠭᠰᠠᠨ
ᠵᠢᠯᠣᠭᠣ ᠰᠤᠯᠠ ᠨᠠᠰᠤ ᠮᠢᠨᠢ ᠳᠡ ᠬᠥ

ᠰᠠᠨᠠᠭᠠᠨ ᠠ᠋ᠴᠠ ᠭᠠᠷᠳᠠᠭ ᠦᠭᠡᠢ ᠰᠠᠢᠬᠠᠨ ᠪᠦᠰᠡᠭᠦᠢ ‍ᠶ᠋ᠢ
ᠰᠠᠷ᠎ᠠ ᠵᠢᠯ ᠢ᠋ᠶ᠋ᠡᠷ ᠬᠠᠷᠠᠭᠤᠯᠳᠠᠨ᠎ᠠ ᠪᠢ
ᠰᠠᠪᠠᠭ᠎ᠠ ᠦᠭᠡᠢ ᠬᠦᠰᠡᠯ ‍ᠳᠤ ᠪᠠᠨ ᠲᠡᠭᠦᠷᠲᠦᠵᠦ ᠶᠠᠪᠤᠭᠰᠠᠨ
ᠵᠢᠯᠣᠭᠣ ᠰᠤᠯᠠ ᠨᠠᠰᠤ ᠮᠢᠨᠢ ᠳᠡ ᠬᠥ

 

    ᠦᠰᠦᠭ ᠬᠠᠲᠠᠭᠰᠠᠨ ᠨᠢ ᠄ ᠬᠠᠲᠠᠴᠢ · ᠤᠷᠠᠨ᠎ᠠ
   
ᠦᠰᠦᠭ ᠠᠮᠢᠯᠠᠭᠤᠯᠤᠭᠴᠢ ᠄ ᠬᠠᠲᠠᠴᠢ · ᠤᠷᠠᠨ᠎ᠠ
   
ᠬᠢᠨᠠᠭᠴᠢ ᠄ ᠢᠷᠡᠭᠡᠳᠦᠢ