ᠪᠠᠷᠰᠲᠦ ᠬᠠᠨᠲᠠᠭᠠᠢ ᠶ᠋ᠢᠨ ᠵᠤᠰᠠᠯᠠᠩ - ᠦᠭᠡ ᠄ ᠴ · ᠮᠥᠩᠬᠡᠰᠦ᠋ᠷᠦᠩ ᠠᠶ᠎ᠠ ᠄ ᠳᠦ‍ · ᠳᠦᠭᠦᠷ Барст хандгайн зуслан   -  Үг ᠄ Ч · Мөнхсүрэн ᠂ Ая ᠄ Д · Дүгүр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠷᠰᠲᠦ ᠬᠠᠨᠲᠠᠭᠠᠢ ᠶ᠋ᠢᠨ ᠵᠤᠰᠠᠯᠠᠩ - ᠦᠭᠡ ᠄ ᠴ · ᠮᠥᠩᠬᠡᠰᠦ᠋ᠷᠦᠩ ᠠᠶ᠎ᠠ ᠄ ᠳᠦ‍ · ᠳᠦᠭᠦᠷ Барст хандгайн зуслан   -  Үг ᠄ Ч · Мөнхсүрэн ᠂ Ая ᠄ Д · Дүгүр

ᠪᠠᠷᠰᠲᠦ ᠬᠠᠨᠲᠠᠭᠠᠢ ᠶ᠋ᠢᠨ ᠵᠤᠰᠠᠯᠠᠩ - ᠦᠭᠡ ᠄ ᠴ · ᠮᠥᠩᠬᠡᠰᠦ᠋ᠷᠦᠩ ᠠᠶ᠎ᠠ ᠄ ᠳᠦ‍ · ᠳᠦᠭᠦᠷ Барст хандгайн зуслан   -  Үг ᠄ Ч · Мөнхсүрэн ᠂ Ая ᠄ Д · Дүгүр

ᠠᠩᠭᠢᠯᠠᠯ:ᠳᠠᠭᠤᠤ ᠬᠥᠭᠵᠢᠮ
2023-04-13

314

ᠪᠠᠷᠰᠲᠦ ᠬᠠᠨᠲᠠᠭᠠᠢ ᠶ᠋ᠢᠨ ᠵᠤᠰᠠᠯᠠᠩ


         ᠦᠭᠡ ᠄ ᠴ · ᠮᠥᠩᠬᠡᠰᠦ᠋ᠷᠦᠩ  
          ᠠᠶ᠎ᠠ ᠄ ᠳᠦ‍ · ᠳᠦᠭᠦᠷ  

 ᠰᠡᠷᠢᠭᠦᠨ ᠰᠡᠭᠦᠲᠡᠷ ᠲᠠᠲᠠᠭᠰᠠᠨ
 ᠰᠡᠯᠡᠭᠦᠨ ᠨᠣᠮᠢᠨ ᠣᠢ ᠲᠠᠢ
 ᠰᠢᠮ᠎ᠡ ᠲᠡᠵᠢᠭᠡᠯ ᠪᠦᠷᠢᠳᠦᠭᠰᠡᠨ
 ᠴᠡᠩᠬᠡᠷ ᠨᠣᠭᠣᠭᠠᠨ ᠪᠡᠯᠴᠢᠭᠡᠷ ᠲᠡᠢ
 ᠪᠠᠷᠰᠲᠦ ᠬᠠᠨᠲᠠᠭᠠᠢ ᠶ᠋ᠢᠨ ᠵᠤᠰᠠᠯᠠᠩ ᠮᠢᠨᠢ
 ᠪᠠᠬᠠᠷᠤᠮ᠎ᠠ ᠰᠠᠶ᠋ᠢᠬᠠᠨ ᠨᠤᠲᠤᠭ ᠳ᠋ᠠ
 ᠪᠠᠬᠠᠷᠤᠮ᠎ᠠ ᠰᠠᠶ᠋ᠢᠬᠠᠨ ᠨᠤᠲᠤᠭ ᠳ᠋ᠠ

 ᠬᠦᠷᠢᠶ᠎ᠡ ᠬᠦᠷᠢᠶ᠎ᠡ ᠮᠥᠬᠥ ᠰᠢᠭ᠌ 
 ᠴᠠᠭᠠᠨ ᠭᠡᠷ ᠦ᠋ᠳ ᠢᠷᠠᠶ᠋ᠢᠬᠰᠠᠨ
 ᠬᠥᠪᠦᠯᠵᠡᠨ ᠨᠡᠭᠦᠬᠦ ᠡᠭᠦᠯᠡ ᠰᠢᠭ᠌
 ᠬᠣᠨᠢᠨ ᠰᠦᠷᠦᠭ ᠦ᠋ᠳ ᠴᠠᠶ᠋ᠢᠷᠠᠭᠰᠠᠨ
 ᠪᠠᠷᠰᠲᠦ ᠬᠠᠨᠲᠠᠭᠠᠢ ᠶ᠋ᠢᠨ ᠵᠤᠰᠠᠯᠠᠩ ᠮᠢᠨᠢ 
 ᠪᠠᠶᠠᠨ ᠳᠡᠯᠭᠡᠷ ᠣᠷᠣᠨ ᠳ᠋ᠠ
 ᠪᠠᠶᠠᠨ ᠳᠡᠯᠭᠡᠷ ᠣᠷᠣᠨ ᠳ᠋ᠠ ᠃ 

 ᠡᠯᠪᠡᠭ᠋ ᠬᠤᠷᠢᠶᠠᠯᠲᠠ ᠪᠠᠨ  ᠪᠡᠯᠭᠡᠯᠡᠭᠰᠡᠨ
 ᠪᠠᠶᠠᠨ ᠵᠤᠰᠠᠯᠠᠩ ᠦ᠋ᠨ ᠨᠠᠭᠠᠲᠤᠮ ᠲᠠᠢ
 ᠡᠩᠬᠡ ᠵᠢᠷᠭᠠᠯ ᠶ᠋ᠢᠠᠨ ᠵᠣᠬᠢᠶᠠᠭᠰᠠᠨ
 ᠪᠠᠭᠠᠲᠤᠷ ᠮᠠᠯᠴᠢᠳ ᠦ᠋ᠨ ᠤᠷᠤᠯᠲᠤᠭᠠᠨ ᠲᠠᠢ
 ᠪᠠᠷᠰᠲᠦ ᠬᠠᠨᠲᠠᠭᠠᠢ ᠶ᠋ᠢᠨ ᠵᠤᠰᠠᠯᠠᠩ ᠮᠢᠨᠢ
 ᠪᠠᠶᠠᠰᠬᠤᠯᠠᠩ ᠲᠡᠭᠦᠯᠲᠡᠷ ᠣᠷᠣᠨ ᠳ᠋ᠠ 
 ᠪᠠᠶᠠᠰᠬᠤᠯᠠᠩ ᠲᠡᠭᠦᠯᠲᠡᠷ ᠣᠷᠣᠨ ᠳ᠋ᠠ ᠃

 ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠪᠠᠶᠠᠷᠴᠡᠴᠡᠭ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ4 ᠰᠠᠷ᠎ᠠ ᠶ᠋ᠢᠨ11 ᠪ ᠡᠲᠦᠷ