ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –12 Монгол оньсгын түүвэр –Хоёрдугаар бүлэг– 12 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –12 Монгол оньсгын түүвэр –Хоёрдугаар бүлэг– 12

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –12 Монгол оньсгын түүвэр –Хоёрдугаар бүлэг– 12

ᠠᠩᠭᠢᠯᠠᠯ:ᠣᠨᠢᠰᠤᠭ᠎ᠠ
2023-04-13

1219

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠡᠪᠡᠰᠦ ᠲᠠᠷᠢᠶ᠎ᠠ ᠤᠷᠭᠤᠮᠠᠯ ᠦ᠋ᠨ ᠵᠦᠢᠯ


 ᠨᠠᠶ᠋ᠢᠭᠤᠬ᠋᠎ᠠ ᠨᠠᠶ᠋ᠢᠭᠤᠬ᠋᠎ᠠ ᠮᠣᠲᠣ ᠴᠢᠨᠢ
 ᠨᠠᠶᠠᠨ ᠬᠣᠶᠠᠷ ᠰᠠᠯᠠᠬ᠋᠎ᠠ ᠲᠠᠢ
 ᠰᠠᠯᠠᠬ᠋᠎ᠠ ᠪᠦᠷᠢ ᠡᠭᠦᠷ ᠲᠡᠢ
 ᠡᠭᠦᠷ ᠪᠦᠷᠢ ᠥᠨᠲᠡᠭᠡ ᠲᠡᠢ
            ( ᠲᠠᠷᠢᠶ᠎ᠠ)

 ᠨᠢᠩ ᠨᠢᠩ ᠮᠣᠲᠣ
 ᠨᠠᠶᠠᠨ ᠬᠣᠶᠠᠷ ᠭᠡᠰᠢᠭᠦᠦ
 ᠭᠡᠰᠢᠭᠦᠦ ᠪᠣᠯᠭᠠᠨ ᠡᠭᠦᠷ
 ᠡᠭᠦᠷ ᠪᠣᠯᠭᠠᠨ ᠥᠨᠲᠡᠭᠡ
 ᠥᠨᠲᠡᠭᠡ ᠪᠣᠯᠭᠠᠨ ᠵᠤᠯᠵᠠᠬ᠋᠎ᠠ
 ᠵᠤᠯᠵᠠᠬ᠋᠎ᠠ ᠪᠣᠯᠭᠠᠨ ᠵᠠᠭᠤ ᠨᠠᠢ᠍ᠮᠠ
           ( ᠲᠠᠷᠢᠶ᠎ᠠ)

 ᠱᠣᠷᠣᠩ  ᠱᠠᠷᠠᠩ ᠶᠠᠪᠤᠲᠠᠯ ᠲᠠᠢ
 ᠰᠢᠷᠣᠢ ᠬᠤᠮᠠᠭ ᠦ᠋ᠨ ᠢᠲᠡᠰᠢ ᠲᠠᠢ
             ( ᠲᠠᠷᠢᠶ᠎ᠠ)
 
 ᠰᠠᠯᠠᠬ᠋᠎ᠠ ᠮᠣᠲᠣ ᠰᠠᠯᠠᠬ᠋᠎ᠠ ᠮᠣᠲᠣ
 ᠰᠠᠯᠠᠬ᠋᠎ᠠ ᠪᠦᠷᠢ ᠳ᠋ᠡᠭᠡᠨ ᠦᠷ᠎ᠡ ᠲᠡᠢ ᠮᠣᠲᠣ
              ( ᠲᠠᠷᠢᠶ᠎ᠠ)

 ᠵᠠᠯᠠᠬ᠋᠎ᠠ ᠲᠠᠢ ᠮᠠᠯᠠᠭᠠᠢ ᠪᠠᠨ ᠣᠷᠣᠢ ᠳᠡᠭᠡᠷ᠎ᠡ ᠪᠡᠨ ᠡᠮᠦᠰᠴᠦ
 ᠵᠤᠨ ᠡᠪᠦᠯ ᠦ᠋ᠨ ᠬᠤᠪᠴᠠᠰᠤ ᠪᠠᠨ ᠪᠡᠶ᠎ᠡ ᠳᠡᠭᠡᠷ᠎ᠡ ᠪᠡᠨ ᠳᠠᠪᠬᠤᠷᠯᠠᠵᠤ
 ᠵᠢᠷᠭᠤᠭᠠᠨ ᠰᠠᠷ᠎ᠠ ᠣᠷᠣᠪᠠᠯ ᠰᠢᠲᠤ ᠪᠠᠨ ᠢᠷᠵᠠᠶ᠋ᠢᠨ᠎ᠠ
             ( ᠡᠷᠲᠡᠨᠢ ᠰᠢᠰᠢ)

 ᠤᠷᠲᠤ ᠨᠠᠷᠢᠨ ᠪᠡᠶ᠎ᠡ ᠲᠡᠢ
 ᠥᠷᠭᠡᠨ ᠥᠨᠲᠥᠷ ᠰᠠᠵᠢᠯᠬ᠋᠎ᠠ ᠲᠠᠢ
 ᠥᠭᠡᠲᠡ ᠬᠠᠨᠲᠤᠭᠰᠠᠨ ᠤᠲᠤᠬ᠋᠎ᠠ ᠲᠠᠢ
 ᠦᠨᠡᠬᠡᠷ ᠣᠯᠠᠨ ᠱ᠌ᠢᠷᠦ ᠲᠡᠢ
           ( ᠰᠢᠰᠢ)
 
 ᠨᠠᠷᠢᠨ ᠰᠠᠶ᠋ᠢᠬᠠᠨ ᠪᠡᠶ᠎ᠡ ᠲᠡᠢ
 ᠨᠠᠢ᠍ᠮᠠᠨ ᠰᠠᠶ᠋ᠢᠬᠠᠨ ᠠᠯᠴᠢᠭᠤᠷ ᠲᠠᠢ
           ( ᠰᠢᠰᠢ)

 ᠰᠠᠭᠰᠠᠭᠠᠷ ᠤᠯᠠᠭᠠᠨ ᠭᠡᠵᠢᠭᠡ ᠲᠡᠢ
 ᠰᠠᠨᠰᠠᠷ ᠦ᠋ᠨ ᠵᠦᠭ ᠬᠡᠶ᠋ᠢᠰᠬᠡᠵᠦ
 ᠰᠠᠪᠠᠬ᠋᠎ᠠ ᠦᠭᠡᠢ ᠰᠢᠲᠤ ᠪᠠᠨ
 ᠰᠠᠷᠠᠨ ᠪ ᠵᠦᠭ ᠢᠷᠵᠠᠶ᠋ᠢᠯᠭᠠᠵᠤ
 ᠰᠠᠯᠠᠭᠠᠲᠤ ᠬᠦᠯ ᠶ᠋ᠢᠡᠨ
 ᠰᠢᠷᠣᠢ ᠶ᠋ᠢᠨ ᠳᠣᠲᠣᠷ᠎ᠠ ᠪᠤᠯᠠᠵᠠᠢ
         ( ᠨᠣᠶᠠᠨ ᠰᠢᠰᠢ)

 ᠴᠠᠭᠠᠨ ᠰᠤᠪᠤᠳ ᠦ᠋ᠨ ᠴᠡᠴᠡᠭ ᠊ᠢ ᠲᠡᠷᠢᠭᠦᠨ ᠳ᠋ᠡᠭᠡᠨ  ᠬᠠᠤᠠᠬᠤᠭᠠᠳ
 ᠬᠦᠷᠡᠩ ᠲᠣᠷᠭᠠᠨ ᠳᠡᠪᠡᠯ ᠊ᠢ ᠪᠡᠶ᠎ᠡ ᠳ᠋ᠡᠭᠡᠨ ᠡᠮᠦᠰᠴᠦ
 ᠭᠠᠲᠠᠭᠰᠢ ᠠᠶ᠋ᠢᠯᠴᠢᠯᠠᠨ ᠭᠤᠷᠪᠠᠨ ᠰᠠᠷ᠎ᠠ ᠪᠣᠯᠤᠭᠠᠳ
 ᠬᠢᠷᠠᠭᠤ ᠤᠨᠠᠬᠤ ᠦᠶ᠎ᠡ  ‍ᠳᠤ ᠰᠠᠶᠢ ᠬᠠᠷᠢᠵᠤ ᠢᠷᠡᠨ᠎ᠡ
               ( ᠰᠠᠭᠠᠭ)

 ᠤᠯᠠᠭᠠᠨ ᠪᠤᠷᠭᠠᠰᠤᠨ ᠣᠷᠣᠢ ᠳᠡᠭᠡᠷ᠎ᠡ
 ᠬᠠᠷ᠎ᠠ ᠬᠡᠷᠢᠶ᠎ᠡ ᠣᠴᠣᠶ᠋ᠢᠯᠴᠠᠨ᠎ᠠ
          ( ᠰᠠᠭᠠᠭ)
 
 ᠲᠥᠷᠥ ᠶ᠋ᠢᠨ ᠭᠣᠣᠯ ‍ᠳᠤ
 ᠲᠦᠯᠡᠭᠡ ᠲᠠᠯᠪᠢᠬᠰᠠᠨ ᠶᠤᠮ
 ᠳᠥᠷᠥᠭᠡ ᠪᠣᠯᠪᠠᠤ
 ᠦᠰᠦᠭᠡ ᠪᠣᠯᠪᠠᠤ ᠭᠡᠳ ᠣᠴᠢᠬᠰᠠᠨ ᠴᠢᠨᠢ
 ᠨᠢᠲᠦ ᠨᠢ ᠪᠦᠯᠲᠡᠶ᠋ᠢᠭᠡᠳ
 ᠴᠢᠬᠢ ᠨᠢ ᠳᠠᠯᠳᠠᠶ᠋ᠢᠴᠢᠵᠠᠢ
           ( ᠲᠠᠷᠢᠶ᠎ᠠ)

 ᠦᠷ᠎ᠡ ᠡᠴᠡ ᠪᠡᠨ ᠲᠥᠷᠥᠭᠰᠡᠨ ᠠᠪᠤ ᠨᠢ
 ᠡᠲᠤᠷ ᠦ᠋ᠨ ᠵᠠᠮ  ‍ᠳᠤ ᠥᠨᠥᠴᠢᠷᠡᠪᠡ
 ᠰᠠᠬᠠᠯ ᠰᠠᠨᠴᠢᠬ ᠨᠢ ᠰᠠᠭᠰᠠᠶ᠋ᠢᠵᠤ
 ᠰᠠᠶ᠋ᠢᠬᠠᠨ ᠨᠢᠲᠦ ᠨᠢ  ‍ᠳᠤ ᠪᠦᠯᠲᠡᠷᠡᠪᠡ
       ( ᠬᠠᠶᠠᠭᠲᠠᠭᠰᠠᠨ ᠲᠠᠷᠢᠶᠠᠨ ᠲᠣᠯᠣᠭᠠᠢ)

 ᠨᠠᠭᠠᠷ ᠨᠣᠭᠣᠷ ᠮᠣᠲᠣᠨ  ‍ᠳᠤ
 ᠨᠠᠶᠠᠨ ᠬᠣᠶᠠᠷ ᠰᠠᠯᠠᠬ᠋᠎ᠠ ᠲᠠᠢ
 ᠰᠠᠯᠠᠬ᠋᠎ᠠ ᠪᠣᠯᠭᠠᠨ ‍ᠳᠤ ᠥᠨᠲᠡᠭᠡ ᠲᠡᠢ
 ᠥᠨᠲᠡᠭᠡ ᠪᠣᠯᠭᠠᠨ ‍ᠳᠤ ᠵᠢᠲᠠ ᠲᠠᠢ
 ᠵᠢᠲᠠ ᠪᠣᠯᠭᠠᠨ ‍ᠳᠤ ᠵᠡᠪᠡ ᠲᠡᠢ
       ( ᠤᠷᠭᠤᠬ᠋᠎ᠠ ᠪᠤᠭᠤᠲᠠᠢ)

 ᠰᠢᠷ᠎ᠠ ᠬᠦᠵᠦᠭᠦᠲᠦ ᠬᠣᠨᠢ
 ᠣᠷᠣᠢ ᠳᠡᠭᠡᠷ᠎ᠡ ᠪᠡᠨ ᠨᠢᠲᠦ ᠲᠡᠢ
         ( ᠰᠢᠷ᠎ᠠ ᠪᠤᠲᠠᠬ᠋᠎ᠠ)

 ᠪᠣᠭᠣᠰ ᠭᠡᠭᠦᠦ
 ᠰᠡᠭᠦᠲᠡᠷ ᠦᠭᠡᠢ
      ( ᠵᠣᠭᠣᠷᠢ ᠲᠠᠢ ᠪᠤᠲᠠᠬ᠋᠎ᠠ)

 ᠴᠠᠤᠠᠬᠤᠯᠠᠩ ᠦᠬᠡᠷ
 ᠰᠡᠭᠦᠲᠡᠷ ᠦᠭᠡᠢ
       ( ᠵᠣᠭᠣᠷᠢ ᠲᠠᠢ ᠪᠤᠲᠠᠬ᠋᠎ᠠ)

 ᠪᠠᠷᠠᠭᠤᠨ ᠠᠭᠤᠯᠠᠨ ᠪ ᠴᠠᠭᠠᠨ ᠬᠤᠷᠠᠬ᠋᠎ᠠ
 ᠮᠠᠨ ᠪ ᠡᠨᠲᠡ ᠮᠠᠯ ᠪᠣᠯᠬᠤ ᠦᠭᠡᠢ
 ᠮᠠᠨᠽᠤᠰᠢᠷᠢ ‍ᠳᠤ ᠵᠣᠭᠣᠭ ᠪᠣᠯᠬᠤ ᠦᠭᠡᠢ
        ( ᠬᠦᠪᠦᠩ)

 ᠶᠠᠩᠭᠢᠷ ᠢᠮᠠᠬ᠋᠎ᠠ
 ᠶᠡᠰᠤᠨ ᠭᠦᠵᠡᠭᠡ ᠲᠡᠢ
      ( ᠴᠢᠪᠠᠬ᠋᠎ᠠ)

 ᠤᠯᠠᠭᠠᠨ ᠪᠢᠷᠠᠭᠤ
 ᠶᠠᠰᠤᠨ ᠭᠦᠵᠡᠭᠡ ᠲᠡᠢ
       ( ᠴᠢᠪᠠᠬ᠋᠎ᠠ)

 ᠬᠠᠪ ᠬᠠᠲᠠᠭᠤ ᠶᠠᠰᠤ ᠲᠠᠢ
 ᠬᠠᠨᠲᠠᠭᠠᠢ  ᠪᠤᠭᠤ ᠶ᠋ᠢᠨ ᠬᠣᠷᠭᠣᠯ
        ( ᠴᠢᠪᠠᠬ᠋᠎ᠠ)
 
 ᠬᠠᠯᠢᠰᠤᠨ ‍ᠳᠤ ᠪᠣᠭᠣᠭᠰᠠᠨ
 ᠬᠣᠶᠠᠷ ᠵᠣᠭᠣᠰ ᠦ᠋ᠨ ᠶᠠᠰᠤ
         ( ᠴᠢᠪᠠᠬ᠋᠎ᠠ)

 ᠮᠤᠬᠤᠷ ᠤᠯᠠᠭᠠᠨ ᠬᠠᠶ᠋ᠢᠨᠤᠭ
 ᠮᠣᠲᠣᠨ ᠰᠡᠭᠦᠯ ᠲᠡᠢ
       ( ᠠᠯᠮᠤᠷᠠᠳ)

 ᠠᠭᠤᠯᠠ ᠶ᠋ᠢᠨ ᠴᠠᠭᠠᠨ᠎ᠠ
 ᠤᠯᠠᠭᠠᠨ ᠳᠡᠪᠡᠯ ᠲᠡᠢ ᠬᠥᠮᠦᠨ
       (  ᠵᠡᠷᠯᠢᠭ ᠰᠣᠩᠭᠢᠨ᠎ᠠ)

 ᠠᠭᠤᠯᠠ ᠶ᠋ᠢᠨ ᠴᠠᠭᠠᠨ᠎ᠠ
 ᠤᠯᠠᠭᠠᠨ ᠪᠠᠨᠲᠢ
      (  ᠵᠡᠷᠯᠢᠭ ᠰᠣᠩᠭᠢᠨ᠎ᠠ)

 ᠴᠠᠭᠠᠨ ᠲᠠᠬᠢᠶ᠎ᠠ
 ᠨᠣᠭᠣᠭᠠᠨ ᠰᠡᠭᠦᠯ ᠲᠡᠢ
       ( ᠰᠣᠩᠭᠢᠨ᠎ᠠ)

 ᠠᠭᠤᠯᠠ ᠶ᠋ᠢᠨ ᠤᠯᠠᠭᠠᠨ ᠳᠡᠪᠡᠯᠲᠦ ᠡᠪᠦᠭᠡᠨ
 ᠤᠷᠲᠤ ᠴᠠᠭᠠᠨ ᠰᠠᠬᠠᠯ ᠲᠠᠢ
         ( ᠰᠣᠩᠭᠢᠨ᠎ᠠ)
 
 ᠴᠠᠭᠠᠨ ᠢᠮᠠᠬ᠋᠎ᠠ
 ᠨᠣᠭᠣᠭᠠᠨ ᠰᠡᠭᠦᠯ ᠲᠡᠢ
       ( ᠰᠣᠩᠭᠢᠨ᠎ᠠ) 

 ᠭᠡᠵᠢᠭᠡ ᠨᠢ ᠭᠠᠳᠠᠭ᠎ᠠ
 ᠥᠬᠢᠨ ᠨᠢ ᠰᠢᠷᠣᠢ ‍ᠳᠤ
      ( ᠯᠤᠤᠪᠠᠩ ᠮᠠᠨᠵᠢᠨ )

 ᠴᠠᠭᠠᠨ ᠢᠮᠠᠭ᠎ᠠ
 ᠨᠣᠭᠣᠭᠠᠨ ᠡᠪᠡᠷ ᠎ᠲᠠᠢ
      ( ᠰᠣᠩᠭᠢᠨ᠎ᠠ )

 ᠭᠠᠵᠠᠷ ᠳᠣᠣᠷ᠎ᠠ
 ᠭᠠᠬᠠᠢ ‍ᠶ᠋ᠢᠨ ᠪᠥᠭᠡᠷ᠎ᠡ
      ( ᠲᠥᠮᠥᠰᠥ )

 ᠭᠠᠵᠠᠷ ᠳᠣᠣᠭᠤᠷ ᠨᠤᠲᠤᠭ ᠎ᠲᠠᠢ
 ᠭᠠᠩᠭᠠᠩ ᠱᠠᠩᠭᠠᠩ ᠨᠡᠷ᠎ᠡ ᠎ᠲᠠᠢ
 ᠰᠠ ᠰᠠᠮᠫᠠᠨ ᠵᠠᠯᠠᠭ᠎ᠠ ᠎ᠲᠠᠢ
 ᠴᠠᠭᠠᠨ ᠪᠦᠷᠬᠦ ᠮᠠᠯᠠᠭ᠎ᠠ ᠎ᠲᠠᠢ
      ( ᠲᠥᠮᠥᠰᠥ )

 ᠥᠨᠳᠡᠭᠡ ᠰᠢᠭ᠌ ᠪᠥᠭᠡᠷᠡᠩᠬᠡᠢ
 ᠥᠭᠡᠬᠦ ᠰᠢᠭ᠌ ᠴᠠᠭᠠᠨ
 ᠮᠢᠬ᠎ᠠ  ᠰᠢᠭ᠋ ᠤᠯᠠᠭᠠᠨ
 ᠮᠠᠯᠠᠭ᠎ᠠ ᠰᠢᠭ᠋ ᠵᠠᠯᠠᠭ᠎ᠠ ᠎ᠲᠠᠢ
     ( ᠯᠤᠤᠪᠠᠩ )

 ᠥᠩᠭᠡᠨ ᠤᠯᠠᠭᠠᠨ ᠪᠡᠶ᠎ᠡ ᠎ᠲᠠᠢ
 ᠰᠢᠷᠣᠢ ‍ᠶ᠋ᠢᠨ ᠣᠷᠣᠨ ‍ᠳᠤ ᠰᠤᠪᠢᠯᠠᠵᠤ
 ᠥᠰᠴᠦ ᠲᠥᠷᠥᠬᠦ  ᠮᠠᠬᠠᠪᠣᠳ ‍ᠢᠶ᠋ᠠᠨ
 ᠤᠰᠤᠨ ‍ᠤ ᠬᠦᠴᠦ ᠎ᠪᠠᠷ ᠭᠦᠢᠴᠡᠳᠬᠡᠵᠦ
 ᠥᠷᠪᠥᠭᠡᠷ ᠰᠠᠶ᠋ᠢᠬᠠᠨ ᠭᠡᠵᠢᠭᠡ ᠎ᠪᠠᠨ
 ᠣᠷᠣᠢ ᠳᠡᠭᠡᠷ᠎ᠡ ᠎ᠪᠠᠨ ᠰᠠᠭᠰᠠᠶ᠋ᠢᠯᠭᠠᠵᠤ
 ᠥᠪᠥᠷ ᠠᠷᠤ ‍ᠶ᠋ᠢᠨ ᠵᠣᠴᠢᠳ ᠢᠷᠡᠪᠡᠯ
 ᠥᠪᠡᠷ ‍ᠢᠶ᠋ᠠᠨ ᠭᠠᠷᠴᠤ ᠳᠠᠶ᠋ᠢᠯᠠᠨ᠎ᠠ
        ( ᠤᠯᠠᠭᠠᠨ ᠯᠤᠤᠪᠠᠩ )

 ᠬᠣᠨᠢ ᠪᠢᠰᠢ ᠪᠠᠶ᠋ᠢᠭᠠᠳ ᠬᠣᠷᠭᠣᠯ ᠎ᠲᠠᠢ
 ᠬᠤᠳᠳᠤᠭ ᠪᠢᠰᠢ ᠪᠠᠶ᠋ᠢᠭᠠᠳ ᠤᠰᠤ ᠎ᠲᠠᠢ
       ( ᠲᠠᠷᠪᠤᠰ )

 ᠠᠮᠠ ᠦᠭᠡᠢ ᠪᠠᠶ᠋ᠢᠭᠠᠳ ᠬᠣᠷᠭᠣᠯ ᠎ᠲᠠᠢ
 ᠠᠮᠢ ᠦᠭᠡᠢ ᠪᠠᠶ᠋ᠢᠭᠠᠳ ᠴᠢᠰᠤ ᠎ᠲᠠᠢ
      ( ᠲᠠᠷᠪᠤᠰ )

 ᠪᠥᠮᠪᠥᠭᠡᠷ ᠨᠣᠭᠣᠭᠠᠨ ᠭᠡᠳᠡᠰᠦ ᠎ᠲᠠᠢ
 ᠪᠦᠷ ᠳᠦᠭᠦᠷᠡᠩ ᠤᠰᠤ ᠎ᠲᠠᠢ
 ᠪᠦᠷ ᠬᠠᠷ᠎ᠠ ᠵᠢᠰᠦ ᠎ᠲᠠᠢ
 ᠪᠦᠪᠡᠶ᠋ᠢᠯᠡᠭᠰᠡᠨ ᠬᠡᠦᠬᠡᠳ ᠪᠤᠮ ᠲᠦᠮᠡ
         ( ᠲᠠᠷᠪᠤᠰ )

 ᠬᠤᠳᠳᠤᠭ ᠪᠢᠰᠢ ᠪᠠᠶ᠋ᠢᠭᠠᠳ ᠤᠰᠤ ᠎ᠲᠠᠢ
 ᠬᠣᠨᠢ ᠪᠢᠰᠢ ᠪᠠᠶ᠋ᠢᠭᠠᠳ ᠬᠣᠷᠭᠣᠯ ᠎ᠲᠠᠢ
 ᠮᠢᠬ᠎ᠠ ᠪᠢᠰᠢ ᠪᠠᠶ᠋ᠢᠭᠠᠳ ᠥᠭᠡᠬᠦ ᠎ᠲᠠᠢ
 ᠪᠥᠮᠪᠥᠭᠡ ᠪᠢᠰᠢ ᠪᠠᠶ᠋ᠢᠭᠠᠳ ᠪᠥᠮᠪᠥᠭᠡᠷ
       ( ᠲᠠᠷᠪᠤᠰ )

 ᠪᠣᠷᠣ ᠭᠡᠷ ‍ᠤᠨ ᠳᠣᠲᠣᠷ᠎ᠠ
 ᠪᠣᠮᠪᠣᠭᠣᠷ ᠰᠢᠷ᠎ᠠ ᠬᠦᠦ
      ( ᠲᠠᠤᠯᠠᠢ ‍ᠶ᠋ᠢᠨ ᠪᠥᠭᠡᠷ᠎ᠡ )

 ᠳᠠᠭᠠᠷᠠᠨ᠎ᠠ ᠭᠡᠵᠦ
 ᠳᠠᠬᠤ ᠎ᠲᠠᠢ ᠲᠥᠷᠥᠭᠰᠡᠨ
 ᠳᠠᠶ᠋ᠢᠳᠤᠨ᠎ᠠ ᠭᠡᠵᠦ
 ᠬᠤᠶᠠᠭ ᠎ᠲᠠᠢ ᠲᠥᠷᠥᠭᠰᠡᠨ
 ᠳᠡᠪᠡᠯ ᠪᠥᠭᠡᠰᠦᠳᠡᠨ᠎ᠠ ᠭᠡᠵᠦ
 ᠴᠠᠮᠴᠠ ᠎ᠲᠠᠢ ᠲᠥᠷᠥᠭᠰᠡᠨ
      ( ᠰᠠᠮᠤᠷ )

 ᠬᠤᠯᠤ ᠠᠳᠠᠯᠢ ᠳᠦᠷᠰᠦ ᠎ᠲᠠᠢ
 ᠬᠤᠪᠠᠬᠠᠢ ᠶᠠᠰᠤᠨ ᠬᠤᠶᠠᠭ ᠎ᠲᠠᠢ
 ᠬᠤᠷᠠᠯ ᠴᠤᠭᠯᠠᠭᠠᠨ ‍ᠳᠤ ᠵᠠᠷᠤᠳᠠᠯ ᠎ᠲᠠᠢ
 ᠬᠣᠣᠰ ᠦᠭᠡᠢ ᠰᠠᠶ᠋ᠢᠬᠠᠨ ᠠᠮᠲᠠ ᠎ᠲᠠᠢ
       ( ᠯᠤᠬᠠᠱᠸᠩ )

 ᠭᠠᠵᠠᠷ ‍ᠤᠨ ᠭᠠᠳᠠᠰᠤ
 ᠭᠠᠭᠴᠠ ᠬᠥᠯ ᠎ᠲᠠᠢ ᠶᠤᠸᠠᠮᠪᠤᠤ
       ( ᠮᠥᠭᠥ )

 ᠲᠣᠬᠣᠢ ᠴᠢᠨᠡᠭᠡ ᠪᠡᠶ᠎ᠡ ᠎ᠲᠠᠢ
 ᠲᠣᠭᠠᠯᠠᠵᠤ ᠪᠠᠷᠠᠬᠤ ᠦᠭᠡᠢ ᠦᠶ᠎ᠡ ᠎ᠲᠠᠢ
       ( ᠮᠥᠭᠥ )

 ᠭᠠᠵᠠᠷ ᠠ᠋ᠴᠠ ᠤᠷᠭᠤᠭᠰᠠᠨ
 ᠭᠠᠩᠭᠠᠩ ᠶᠤᠸᠠᠮᠪᠤᠤ
 ᠭᠠᠭᠴᠠ ᠬᠥᠯ ᠎ᠲᠠᠢ
 ᠮᠥᠩᠭᠥᠨ ᠶᠤᠸᠠᠮᠪᠤᠤ
      ( ᠮᠥᠭᠥ )

 ᠭᠠᠭᠴᠠ ᠬᠥᠯ ᠎ᠲᠠᠢ
 ᠭᠠᠳᠠᠰᠤᠨ ᠲᠣᠯᠣᠭᠠᠢ ᠎ᠲᠠᠢ
       ( ᠮᠥᠭᠥ )

 ᠭᠠᠵᠠᠷ ‍ᠤᠨ ᠰᠠᠶ᠋ᠢᠬᠠᠨ ‍ᠳᠤ
 ᠭᠠᠭᠴᠠ ᠬᠥᠯ ᠎ᠲᠠᠢ ᠲᠠᠬᠢᠶ᠎ᠠ
      ( ᠮᠥᠭᠥ )

 ᠴᠠᠭᠠᠨ ᠲᠣᠷᠭᠠᠨ ᠳᠡᠪᠡᠯ ᠎ᠲᠠᠢ
 ᠨᠣᠭᠣᠭᠠᠨ ᠲᠣᠷᠭᠠᠨ ᠡᠮᠵᠢᠶᠡᠷᠢ ᠎ᠲᠠᠢ
 ᠨᠣᠶ᠋ᠢᠲᠠᠨ ᠭᠠᠵᠠᠷ ᠨᠤᠲᠤᠭ ᠎ᠲᠠᠢ
      ( ᠴᠠᠭᠠᠨ ᠨᠣᠭᠣᠭ᠎ᠠ )

 ᠠᠯᠲᠠᠨ ᠰᠠᠶ᠋ᠢᠬᠠᠨ ᠮᠠᠯᠠᠭᠠᠢ ‍ᠶ᠋ᠢ ᠲᠣᠯᠣᠭᠠᠢ ᠳ᠋ᠠᠭᠠᠨ ᠡᠮᠦᠰᠴᠦ
 ᠠᠮᠲᠠᠲᠤ ᠰᠠᠶ᠋ᠢᠬᠠᠨ ᠵᠢᠮᠢᠰ ‍ᠢᠶ᠋ᠠᠷ ᠬᠠᠴᠠᠷ ‍ᠢᠶ᠋ᠠᠨ ᠴᠢᠮᠡᠵᠦ
 ᠠᠰᠬᠠᠨ ᠰᠠᠶ᠋ᠢᠬᠠᠨ ᠪᠡᠶ᠎ᠡ ᠨᠢ ᠣᠭᠲᠠᠷᠭᠤᠢ ᠲᠤᠯᠤᠮᠠᠷ ᠵᠣᠭᠰᠣᠵᠤ
 ᠠᠭᠠᠷ ‍ᠤᠨ ᠨᠠᠷᠠᠨ ‍ᠤ ᠡᠷᠭᠢᠯᠲᠡ ‍ᠶ᠋ᠢ ᠠᠯᠳᠠᠯ ᠦᠭᠡᠢ ᠰᠢᠷᠲᠡᠳᠡᠭ
        ( ᠨᠠᠷᠠᠨ ᠬᠤᠸᠠᠷ )

 ᠨᠠᠷᠢᠨ ᠽᠠᠨᠳᠠᠨ ᠮᠣᠳᠣ
 ᠨᠠᠢ᠍ᠮᠠ ᠶᠢᠰᠦᠨ ᠨᠠᠪᠴᠢ
 ᠨᠠᠷᠠ ᠬᠠᠮᠢᠭ᠎ᠠ ᠣᠴᠢᠪᠠᠯ
 ᠨᠠᠷᠠ ‍ᠶ᠋ᠢ ᠳᠠᠭᠠᠨ ᠨᠠᠶ᠋ᠢᠭᠤᠨ᠎ᠠ
       ( ᠨᠠᠷᠠᠨ ᠬᠤᠸᠠᠷ )

 ᠭᠣᠣᠯ ‍ᠤᠨ ᠤᠰᠤᠨ ‍ᠳᠤ ᠲᠥᠷᠥᠭᠰᠡᠨ
 ᠭᠤᠸ᠋᠎ᠠ ᠦᠵᠡᠰᠬᠦᠯᠡᠩ ᠬᠡᠦᠬᠡᠨ
 ᠴᠠᠶ᠋ᠢᠪᠤᠷ ᠶᠠᠭᠠᠨ ᠳᠡᠪᠡᠯ ᠎ᠲᠠᠢ
 ᠨᠣᠭᠣᠭᠠᠨ ᠲᠣᠷᠭᠠᠨ ᠣᠯᠪᠣᠭ ᠎ᠲᠠᠢ
       ( ᠯᠢᠩᠬᠤ᠎ᠠ )

 ᠠᠪᠤ ᠨᠢ ᠠᠮᠪᠠᠨ ᠤᠯᠠᠭᠠᠨ ᠵᠢᠩᠰᠡ ᠎ᠲᠠᠢ
 ᠠᠯᠤᠰ ‍ᠤᠨ ᠪᠠᠷ᠎ᠠ ‍ᠶ᠋ᠢ ᠬᠠᠷᠠᠨ᠎ᠠ
 ᠬᠦᠦ ᠨᠢ ᠬᠤᠨᠳᠠᠨ ᠴᠠᠭᠠᠨ ᠵᠢᠩᠰᠡ ᠎ᠲᠠᠢ
 ᠬᠥᠨᠳᠡᠢ ‍ᠳᠤ ᠬᠡᠪᠲᠡᠨ᠎ᠡ
      ( ᠰᠠᠷᠠᠨ᠎ᠠ ᠴᠡᠴᠡᠭ )

 ᠪᠤᠲᠤᠩ ᠎ᠲᠠᠢ ᠲᠣᠰᠣ ᠪᠤᠯᠠᠭᠠᠲᠠᠢ
 ᠪᠤᠯᠠᠭᠠᠨ ᠮᠠᠯᠠᠭ᠎ᠠ ᠡᠯᠭᠦᠭᠡᠲᠡᠢ
     ( ᠰᠠᠷᠠᠨ᠎ᠠ ᠴᠡᠴᠡᠭ )

 ᠲᠠᠯ᠎ᠠ ᠤᠷᠤᠭᠤ ᠲᠠᠶ᠋ᠢᠪᠢᠩ ᠲᠠᠶ᠋ᠢᠪᠢᠩ
 ᠲᠠᠰᠢᠭᠤᠷ ᠦᠭᠡᠢ ᠭᠣᠶ᠋ᠢᠪᠠᠩ ᠭᠣᠶ᠋ᠢᠪᠠᠩ
      ( ᠬᠠᠮᠬᠤᠤᠯ )

 ᠭᠠᠷᠬᠤ ᠨᠢ ᠭᠠᠵᠠᠷ ᠠ᠋ᠴᠠ
 ᠭᠡᠶ᠋ᠢᠭᠦᠯᠬᠦ ᠨᠢ ᠲᠩᠷᠢ ᠠ᠋ᠴᠠ
 ᠥᠲᠡᠯᠬᠦ ᠨᠢ ᠪᠤᠲᠠᠨ ‍ᠳᠤ
 ᠦᠬᠦᠬᠦ ᠨᠢ ᠭᠠᠩᠭᠠᠨ ‍ᠳᠤ
     ( ᠬᠠᠮᠬᠤᠤᠯ )



 ᠳᠡᠩ ᠳᠡᠩ ᠰᠢᠷᠠᠭᠴᠢᠨ
 ᠳᠡᠯ ᠰᠡᠭᠦᠯ ᠦᠭᠡᠢ ᠰᠢᠷᠠᠭᠴᠢᠨ
 ᠪᠥᠩ ᠪᠥᠩ ᠰᠢᠷᠠᠭᠴᠢᠨ
 ᠪᠥᠭᠡᠷ᠎ᠡ ᠵᠢᠷᠦᠬᠡ ᠦᠭᠡᠢ ᠰᠢᠷᠠᠭᠴᠢᠨ
                   ( ᠬᠠᠮᠬᠤᠤᠯ )
 
 ᠤᠷᠭᠤᠬᠤ ᠨᠢ ᠬᠠᠪᠤᠷ
 ᠤᠨᠠᠬᠤ ᠨᠢ ᠨᠠᠮᠤᠷ
 ᠤᠷᠤᠭᠤᠲᠠᠬᠤ ᠨᠢ ᠰᠠᠯᠬᠢᠨ ‍ᠳᠤ
 ᠤᠨᠲᠠᠬᠤ ᠨᠢ ᠡᠷᠭᠢᠨ ‍ᠳᠤ
          ( ᠬᠠᠮᠬᠤᠤᠯ )
 
 ᠶᠠᠪᠤᠬᠤ ᠶ᠋ᠢ ᠰᠠᠯᠬᠢ ᠮᠡᠲᠡ
 ᠰᠠᠭᠤᠬᠤ ᠶ᠋ᠢ ᠵᠢᠯᠠᠬ᠋᠎ᠠ ᠮᠡᠲᠡ
          ( ᠬᠠᠮᠬᠤᠤᠯ )

 ᠣᠯᠢᠩ ᠰᠣᠯᠢᠩ ᠪᠡᠶ᠎ᠡ ᠲᠡᠢ
 ᠦᠨᠡᠭᠡᠨ ᠰᠡᠭᠦᠯ ᠦ᠋ᠨ ᠮᠠᠯᠠᠬ᠋᠎ᠠ ᠲᠠᠢ
           ( ᠬᠤᠯᠤᠰᠤ )

 ᠭᠤᠷ ᠭᠤᠷ ᠳᠠᠭᠤ ᠲᠠᠢ 
 ᠭᠤᠴᠢᠨ ᠲᠠᠪᠤᠨ ᠦᠶ᠎ᠡ ᠲᠡᠢ
 ᠴᠢᠨᠲᠠᠮᠤᠨᠢ ᠶ᠋ᠢᠨ ᠳᠤᠬᠤ ᠲᠠᠢ
 ᠰᠢᠷ᠎ᠠ ᠰᠢᠪᠠᠭᠤᠨ ᠤᠲᠤᠬ᠋᠎ᠠ ᠲᠠᠢ
            ( ᠬᠤᠯᠤᠰᠤ )

 ᠦᠨᠲᠦᠷ ᠬᠥᠮᠦᠨ ᠦᠨᠡᠭᠡᠨ ᠮᠠᠯᠠᠭᠠᠢ ᠲᠠᠢ
 ᠪᠣᠭᠤᠨᠢ ᠬᠥᠮᠦᠨ ᠪᠤᠯᠠᠭᠠᠨ ᠮᠠᠯᠠᠭᠠᠢ ᠲᠠᠢ
           ( ᠬᠤᠯᠤᠰᠤ )

 ᠦᠷ᠎ᠡ ᠴᠤ᠌ ᠰᠠᠭᠤᠬᠤ ᠦᠭᠡᠢ
  ᠴᠡᠴᠡᠭ  ᠴᠤ᠌ ᠳᠡᠯᠭᠡᠷᠡᠬᠦ ᠦᠭᠡᠢ
 ᠭᠣᠶᠣ ᠰᠠᠶ᠋ᠢᠬᠠᠨ ᠪᠡᠶ᠎ᠡ ᠲᠡᠢ
 ᠭᠣᠣᠯ ᠳ᠋ᠠᠭᠠᠨ ᠬᠥᠨᠲᠡᠢ ᠮᠤᠲᠤ                                     
          ( ᠬᠤᠯᠤᠰᠤ )
 
 ᠰᠢᠷᠬ᠋᠎ᠠ ᠳᠠᠬ᠋᠎ᠠ
 ᠲᠤᠭᠤᠷᠠᠢ ᠪᠠᠷ ᠶ᠋ᠢᠠᠨ ᠤᠰᠤ ᠤᠤᠭᠤᠨ᠎ᠠ
           ( ᠬᠤᠯᠤᠰᠤ )

 ᠱᠠᠪ ᠭᠡᠰᠡᠨ ᠪᠡᠶ᠎ᠡ ᠲᠡᠢ 
 ᠰᠢᠷ᠎ᠠ ᠦᠨᠡᠭᠡᠨ ᠮᠠᠯᠠᠬ᠋᠎ᠠ ᠲᠠᠢ
            ( ᠬᠤᠯᠤᠰᠤ )
                                
 ᠭᠠᠷᠬᠤ ᠳ᠋ᠠᠭᠠᠨ ᠴᠠᠯ ᠨᠣᠭᠤᠭᠠᠨ
 ᠪᠠᠭᠤᠬᠤ ᠳ᠋ᠠᠭᠠᠨ ᠰᠢᠪ ᠰᠢᠷ᠎ᠠ
             ( ᠡᠪᠡᠰᠦ )
 
 ᠤᠭᠠᠯᠵᠠᠨ ᠲᠣᠯᠤᠭᠠᠢ ᠲᠠᠢ
 ᠤᠯᠠ ᠳ᠋ᠠᠭᠠᠨ ᠰᠢᠪᠦᠭᠡ ᠲᠡᠢ
            ( ᠬᠢᠯᠭᠠᠨ᠎ᠠ ᠡᠪᠡᠰᠦ ) 

ᠥᠯᠬᠡᠩ ᠰᠠᠯᠬᠠᠩ ᠪᠡᠶ᠎ᠡ ᠲᠡᠢ
ᠦᠨᠡᠭᠡᠨ ᠰᠠᠷᠠᠯ ᠮᠠᠯᠠᠬ᠋᠎ᠠ ᠲᠠᠢ
            ( ᠳᠠᠷᠠᠰᠤ )

 ᠱᠠ ᠱᠠ ᠳᠠᠭᠤ ᠲᠠᠢ
 ᠰᠢᠷ᠎ᠠ ᠦᠨᠡᠭᠡᠨ ᠮᠠᠯᠠᠬ᠋᠎ᠠ ᠲᠠᠢ
          ( ᠤᠲᠤᠯ )

 ᠰᠢᠷᠬ᠋᠎ᠠ ᠳᠠᠬ᠋᠎ᠠ
 ᠳᠤᠭᠤᠷᠤ① ᠪᠠᠷ ᠶ᠋ᠢᠠᠨ ᠤᠰᠤ ᠤᠤᠭᠤᠨ᠎ᠠ
          ( ᠵᠡᠭᠡᠰᠦ )
    ① ᠬᠥᠬᠡᠨᠠᠭᠤᠷ ᠦ᠋ᠨ ᠮᠣᠩᠭᠣᠯᠴᠤᠳ ᠲᠤᠭᠤᠷᠠᠢ ᠶ᠋ᠢ ᠳᠤᠭᠤᠷᠤ ᠭᠡᠨ᠎ᠡ ᠃

 ᠬᠠᠰ ᠶᠡᠨᠲᠡᠷ ᠲᠡᠢ
 ᠣᠭ᠌ᠶᠤ ᠲᠤᠯᠭᠠᠭᠤᠷᠢ ᠲᠠᠢ
 ᠱ᠌ᠢᠷᠦᠨ ᠤᠯᠠᠭᠠᠨ ᠮᠠᠯᠠᠬ᠋᠎ᠠ ᠲᠠᠢ
         ( ᠰᠠᠷᠠᠯᠠᠩ ᠬᠤᠸᠠᠷ )


 ᠳ᠋ᠠᠩ ᠴᠠᠭᠠᠨ ᠮᠣᠷᠢ
 ᠳᠠᠯᠠᠨ ᠳᠠᠪᠬᠤᠷ ᠲᠣᠬᠣᠮ ᠲᠠᠢ
         ( ᠬᠤᠰᠤ ᠮᠣᠲᠣ )
 
 ᠭᠠᠵᠠᠷ  ᠳᠣᠣᠭᠤᠷ
 ᠭᠠᠯᠠᠭᠤ ᠨᠡᠭᠦᠬᠦ
          ( ᠮᠣᠲᠣᠨ ᠦᠨᠲᠦᠰᠦ )
 
 ᠤᠤᠠᠬ᠎ᠠ ᠨᠢᠭᠡᠲᠡᠢ
 ᠤᠲᠤᠮ ᠪᠥᠯᠥᠭ ᠲᠡᠢ
        ( ᠮᠣᠲᠣ ᠨᠠᠪᠴᠢᠯᠠᠬᠤ )
 
 ᠤᠷᠲᠤ ᠪᠣᠯᠪᠠᠴᠤ
 ᠤᠰᠤ ᠦᠵᠡᠭᠰᠡᠨ ᠦᠭᠡᠢ
 ᠨᠠᠷᠢᠨ ᠪᠣᠯᠪᠠᠴᠤ
 ᠨᠠᠷᠠ ᠦᠵᠡᠭᠰᠡᠨ ᠦᠭᠡᠢ
         ( ᠮᠣᠲᠣᠨ ᠪ ᠭᠣᠣᠯ )

 ᠨᠣᠭᠣᠭᠠᠨ ᠳᠡᠪᠡᠯ ᠲᠡᠢ 
 ᠨᠣᠶᠠᠨ ᠮᠣᠷᠢᠯᠠᠵᠤ ᠢᠷᠡᠬᠦ  ‍ᠳᠤ
 ᠨᠣᠶ᠋ᠢᠷ ᠦᠭᠡᠢ ᠬᠦᠯᠢᠶᠡᠨ᠎ᠡ
        ( ᠨᠣᠭᠣᠬ᠋᠎ᠠ ᠤᠷᠭᠤᠬᠤ )

 ᠬᠠᠯᠠᠬ᠋᠎ᠠ ᠰᠣᠯᠢᠬ᠋᠎ᠠ ᠪᠠᠶ᠋ᠢᠲᠠᠭ ᠦᠭᠡᠢ
 ᠬᠠᠲᠠ ᠠᠰᠬ᠎ᠠ ᠶ᠋ᠢᠨ  ᠬᠠᠷᠠᠭᠤᠯ
 ᠬᠠᠪᠤᠷ ᠡᠪᠦᠯ ᠬᠠᠮᠬᠢᠲᠠᠭ ᠦᠭᠡᠢ
 ᠬᠠᠷ᠎ᠠ ᠨᠣᠭᠣᠭᠠᠨ ᠰᠢᠭᠦᠷ
        ( ᠨᠠᠷᠠᠰᠤ )

 ᠥᠭᠡᠲᠡ ᠬᠠᠯᠢᠶᠠᠭᠰᠠᠨ ( ᠬᠠᠷᠠᠭᠰᠠᠨ ) ᠪᠡᠶ᠎ᠡ ᠲᠡᠢ
 ᠡᠲᠦᠷ ᠰᠥᠨᠢ ᠦᠭᠡᠢ ᠰᠣᠭᠲᠣᠭᠤ
           (ᠬᠠᠷᠭᠠᠢ   )

 ᠠᠬ᠎ᠠ ᠳᠡᠭᠦᠦ ᠲᠠᠪᠤ  ᠵᠢᠷᠭᠤᠭᠤᠯᠠ
 ᠠᠯᠲᠠᠨ  ᠲᠤᠯᠭᠠᠭᠤᠷᠢ ᠪᠠᠨ ᠲᠦᠰᠢᠵᠦ ᠰᠠᠭᠤᠨ᠎ᠠ
 ᠠᠪᠤ ᠨᠢ ᠢᠷᠡᠭᠡᠳ ᠡᠷᠦᠬᠡ ᠰᠠᠯᠭᠠᠬᠤ ᠳ᠋ᠤ
 ᠡᠮᠦᠰᠦᠭᠰᠡᠨ ᠳᠡᠪᠡᠯ ᠶ᠋ᠢᠡᠨ ᠤᠷᠠᠵᠤ ᠬᠠᠶᠠᠨ᠎ᠠ
          ( ᠰᠠᠷᠢᠮᠰᠠᠭ )
 
 ᠲᠤᠯᠭᠠᠭᠤᠷᠢ ᠲᠣᠭᠣᠷᠢᠨ ᠰᠠᠭᠤᠵᠤ ᠪᠠᠶ᠋ᠢᠬᠰᠠᠨ
 ᠳᠣᠯᠣᠬ᠋᠎ᠠ ᠨᠠᠢ᠍ᠮᠠᠨ ᠠᠬ᠎ᠠ ᠳᠡᠭᠦᠦ
 ᠥᠲᠡᠯᠬᠦ ᠳ᠋ᠡᠭᠡᠨ ᠥᠪ ᠶ᠋ᠢᠡᠨ  ᠬᠤᠪᠢᠶᠠᠯᠴᠠᠵᠤ
 ᠦᠬᠦᠬᠦ ᠳ᠋ᠡᠭᠡᠨ ᠬᠤᠪᠴᠠᠰᠤ ᠪᠠᠨ ᠤᠷᠠᠲᠠᠭ
        ( ᠰᠠᠷᠢᠮᠰᠠᠭ )
 
 ᠬᠠᠷ᠎ᠠ ᠬᠤᠷᠠᠬ᠋᠎ᠠ
 ᠶᠠᠰᠤᠨ ᠪᠥᠭᠡᠷ᠎ᠡ ᠲᠡᠢ
         ( ᠮᠣᠶ᠋ᠢᠯ )
 
 ᠨᠠᠷᠢᠨ ᠤᠷᠲᠤ ᠪᠡᠶ᠎ᠡ ᠲᠡᠢ
 ᠨᠣᠭᠣᠭᠠᠨ ᠲᠣᠷᠭᠠᠨ ᠳᠡᠪᠡᠯ ᠲᠡᠢ
 ᠪᠥᠭᠰᠡᠨ ᠪ ᠬᠢᠨᠢ ᠭᠠᠰᠢᠭᠤᠨ ᠠ᠋ᠴᠠ
 ᠪᠦᠬᠦ ᠤᠯᠤᠰ ᠵᠢᠭᠰᠢᠨ᠎ᠡ
          ( ᠦᠷᠭᠡᠰᠤᠲᠤ ᠬᠡᠮᠬᠡ )


       ᠦᠰᠦᠭ  ᠠᠮᠢᠯᠠᠭᠤᠯᠤᠭᠰᠠᠨ  ᠨᠢ : ᠬᠠᠷᠠᠨᠤᠳ · ᠲᠤᠶᠠᠭ᠎ᠠ ᠂ ᠬᠠᠳᠠᠴᠢ · ᠤᠷᠠᠨ᠎ᠠ ᠂
                                ᠣᠶᠤᠨᠲᠤᠨᠠᠯ ᠂   ᠠᠯᠲᠠᠨᠲᠤᠶᠠᠭ᠎ᠠ
            ᠬᠢᠨᠠᠭᠴᠢ ᠄  ᠬᠠᠷᠠᠨᠤᠳ · ᠲᠤᠶᠠᠭ᠎ᠠ ᠂ ᠮᠢᠩᠭᠠᠳ · ᠴᠢᠮᠡᠭ