ᠮᠢᠨᠦ – ᠪᠠᠭ᠎ᠠ ᠶᠢᠨ ᠨᠠᠰᠤ ᠂ ᠵᠠᠯᠠᠭᠤ ᠨᠠᠰᠤ – ᠲ ᠂ ᠭᠣᠮᠪᠣᠵᠠᠪ Mиний – багын нас ᠂ залуу нас – Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ – ᠪᠠᠭ᠎ᠠ ᠶᠢᠨ ᠨᠠᠰᠤ ᠂ ᠵᠠᠯᠠᠭᠤ ᠨᠠᠰᠤ – ᠲ ᠂ ᠭᠣᠮᠪᠣᠵᠠᠪ Mиний – багын нас ᠂ залуу нас – Т ᠂ Гомбожав

ᠮᠢᠨᠦ – ᠪᠠᠭ᠎ᠠ ᠶᠢᠨ ᠨᠠᠰᠤ ᠂ ᠵᠠᠯᠠᠭᠤ ᠨᠠᠰᠤ – ᠲ ᠂ ᠭᠣᠮᠪᠣᠵᠠᠪ Mиний – багын нас ᠂ залуу нас – Т ᠂ Гомбожав

2023-04-13

426

ᠮᠢᠨᠦ – ᠪᠠᠭ᠎ᠠ ᠶᠢᠨ ᠨᠠᠰᠤ ᠂ ᠵᠠᠯᠠᠭᠤ ᠨᠠᠰᠤ


                     ᠲ ᠂  ᠭᠣᠮᠪᠣᠵᠠᠪ 

          ᠪᠠᠬ᠋᠎ᠠ ᠶ᠋ᠢᠨ ᠨᠠᠰᠤ  

 ᠬᠣᠯᠠ ᠶ᠋ᠢᠨ ᠬᠣᠯᠠ ᠶ᠋ᠢᠨ ᠳᠤᠷᠠᠳᠬᠠᠯ
 ᠬᠣᠩᠭᠣᠷᠬᠠᠨ ᠪᠠᠬ᠋᠎ᠠ ᠶ᠋ᠢᠨ ᠨᠠᠰᠤ ᠮᠢᠨᠢ

 ᠦᠯᠢᠭᠡᠷ ᠳᠣᠮᠣᠭ ᠦ᠋ᠨ ᠳᠡᠯᠡᠬᠡᠢ
 ᠡᠭᠦᠲᠡ ᠂ ᠵᠡᠭᠦᠲᠦ ᠪᠡᠷ
 ᠡᠭᠦᠯᠡᠰ ᠂ ᠪᠣᠲᠣᠯ ᠰᠢᠪᠡᠨᠡᠨ ᠴᠤᠪᠤᠵᠤ
 ᠡᠲᠦᠷ ᠦ᠋ᠳ ᠢᠨᠢᠶᠡᠲᠦᠨ  ᠳ᠋ᠦ᠍ ᠮᠢᠨᠢ ᠴᠠᠤᠠᠬᠤᠯᠠᠩ
 ᠥᠩᠭᠡ ᠪᠣᠲᠣᠭ ᠰᠡᠤᠠᠬᠢᠯ ᠡᠴᠡ ᠮᠢᠨᠢ ᠤᠷᠭᠤᠵᠤ ᠪᠠᠶ᠋ᠢᠵᠠᠢ 

 ᠲᠣᠮᠣᠭᠠᠵᠢᠬ᠋᠎ᠠ ᠦᠭᠡᠢ ᠪᠣᠲᠣᠯ  ᠳ᠋ᠦ᠍ ᠭᠠᠯᠠᠭᠤ ᠲᠥᠭᠡᠷᠢᠨ
 ᠲᠣᠮᠣ ᠠᠭᠤᠯᠠᠰ ᠰᠡᠭᠦᠲᠡᠷ ᠶ᠋ᠢᠡᠨ ᠡᠪᠬᠡᠵᠦ ᠨᠠᠭᠠᠲᠤᠨ᠎ᠠ

 ᠶᠠᠭᠤᠮ᠎ᠠ ᠪᠦᠬᠦᠨ ᠪ ᠬᠦᠨᠲᠦ ᠶ᠋ᠢ ᠠᠯᠲᠠᠭᠤᠯᠵᠤ
 ᠶᠠᠷᠢᠶᠠᠨ ᠳ᠋ᠦ᠍ ᠬᠡᠭᠡᠷ᠎ᠡ ᠶ᠋ᠢᠨ ᠴᠢᠯᠠᠭᠤ ᠴᠡᠴᠡᠭᠯᠡᠨ
 ᠶᠠᠪᠤᠭᠰᠠᠨ ᠮᠥᠷ ᠂ ᠲᠠᠯ᠎ᠠ ᠶ᠋ᠢᠨ ᠨᠢᠭᠤᠴᠠ ᠶ᠋ᠢ ᠳᠣᠭᠰᠢᠳᠠᠭ

 ᠭᠣᠯᠢᠶ᠎ᠠ ᠳᠠᠭᠠᠵᠤ ᠂ ᠰᠡᠤᠠᠬᠢᠯ
 ᠭᠣᠪᠢ ᠶ᠋ᠢᠨ ᠡᠩᠭᠡᠷ ᠲᠤ ᠬᠣᠨᠣᠴᠢᠬᠠᠲᠠᠭ ᠪᠠᠶ᠋ᠢᠬᠰᠠᠨ ᠡ 

 ᠨᠠᠪᠴᠢ ᠶ᠋ᠢᠨ ᠨᠢᠷᠤᠭᠤᠨ  ᠳ᠋ᠦ᠍ ᠰᠢᠭᠦᠲᠡᠷᠢ ᠪᠥᠮᠪᠥᠭᠡᠨᠡᠵᠦ
 ᠨᠠᠷᠠ ᠂ ᠬᠥᠮᠦᠨ ᠰᠡᠤᠠᠬᠢᠯ ᠤᠶᠠᠰᠮᠠᠷ ᠠᠯᠢᠶᠠᠬᠠᠨ ᠨᠠᠰᠤ ᠮᠢᠨᠢ
 ᠴᠣᠪᠣᠭᠣᠬᠠᠨ ᠠᠮᠢᠲᠤᠷᠠᠯ  ᠬᠥᠭᠵᠢᠮᠳᠡᠵᠦ ᠪᠠᠶ᠋ᠢᠵᠢ ᠰᠢᠦ 

 ᠠᠢ ᠳ᠋ᠠ ᠂ ᠬᠥᠭᠡᠷᠦᠬᠦᠢ !
 ᠬᠣᠯᠠ ᠶ᠋ᠢᠨ ᠬᠣᠯᠠ ᠶ᠋ᠢᠨ ᠳᠤᠷᠠᠳᠬᠠᠯ
 ᠬᠣᠩᠭᠣᠷᠬᠠᠨ ᠪᠠᠬ᠋᠎ᠠ ᠶ᠋ᠢᠨ ᠨᠠᠰᠤ ᠮᠢᠨᠢ ᠳ᠋ᠠ

       ᠵᠠᠯᠠᠭᠤ ᠨᠠᠰᠤ

 ᠠᠯᠢᠪᠠ ᠪᠦᠬᠦᠨ ᠪᠣᠭᠣᠨᠢᠰᠴᠤ
 ᠠᠷᠤ ᠬᠠᠨ᠎ᠠ ᠡᠴᠡ ᠂ ᠪᠤᠷᠬᠠᠨ
 ᠠᠮᠢᠲᠤᠷᠠᠯ  ᠳ᠋ᠦ᠍ ᠰᠥᠭᠥᠳᠦᠨ ᠭᠠᠵᠠᠷ ᠪᠠᠭᠤᠵᠠᠢ
 ᠠᠭᠠᠷ ᠤᠯᠠᠮ ᠤᠯᠠᠮ ᠥᠨᠲᠥᠷ ᠪᠣᠯᠤᠯ᠎ᠠ

 ᠮᠢᠨᠦ ᠵᠠᠯᠠᠭᠤ ᠨᠠᠰᠤ
 ᠣᠮᠣᠭ ᠵᠣᠷᠢᠬ ᠦ᠋ᠨ ᠠᠭᠤᠯᠠᠨ ᠣᠷᠣᠢ ᠭᠢᠰᠬᠢᠵᠦ
 ᠣᠩᠭᠣᠨ ᠪᠣᠲᠣᠯ ᠦ᠋ᠨ ᠲᠤᠩᠬᠠᠭ ᠤᠩᠰᠢᠨ᠎ᠠ 

 ᠠᠤᠠᠬᠤᠨ  ᠳ᠋ᠦ᠍ ᠮᠢᠨᠢ ᠠᠶᠤᠩᠬ᠋᠎ᠠ ᠬᠤᠭᠤᠷᠠᠨ᠎ᠠ
 ᠠᠯᠢᠪᠠ ᠪᠦᠬᠦᠨ ᠊ᠢ ᠪᠢ
 ᠠᠬᠢᠭᠠᠳ ᠨᠢᠭᠡ ᠤᠲᠠᠬ᠋᠎ᠠ
 ᠠᠰᠠᠭᠤᠯᠲᠠ ᠶ᠋ᠢᠨ ᠲᠡᠮᠲᠡᠭ ᠶ᠋ᠢᠡᠷ ᠴᠡᠭᠴᠡᠯᠡᠵᠦ ᠠᠪᠤᠨ᠎ᠠ ᠡ 

 ᠥᠴᠥᠭᠡᠲᠦᠷ ᠦ᠋ᠨ ᠵᠡᠭᠦᠲᠦ 
 ᠥᠨᠥᠲᠥᠷ ᠦ᠋ᠨ ᠨᠢᠲᠦ
 ᠡᠭᠦᠷᠴᠦ ᠶᠠᠪᠤᠬᠤ ᠬᠡᠷᠦᠭᠡᠰᠦ ᠮᠢᠨᠢ 

 ᠫᠤᠤ  ᠳ᠋ᠦ᠍ ᠦᠷᠭᠦᠭᠰᠡᠨ ᠪᠦᠷᠭᠦᠳ ᠳᠠᠭᠠᠵᠤ
 ᠳᠠᠭᠤᠤ  ᠳ᠋ᠦ᠍ ᠥᠰᠦᠭᠰᠡᠨ ᠰᠡᠤᠠᠬᠢᠯ ᠮᠢᠨᠢ ᠡᠭᠦᠯᠡ ᠴᠣᠭᠣᠯᠤᠨ ᠪᠣᠰᠤᠨ᠎ᠠ
 ᠠᠭᠤᠯᠠ ᠡᠷᠭᠦᠬᠦ ᠡᠷ᠎ᠡ ᠳᠠᠭᠠᠵᠤ
 ᠲᠥᠷᠥ ᠡᠷᠭᠦᠬᠦ ᠪᠣᠲᠣᠯ ᠮᠢᠨᠢ ᠨᠠᠷᠠ ᠰᠢᠲᠦᠵᠦ ᠥᠰᠦᠨ᠎ᠡ 

 ᠵᠠᠯᠠᠭᠤ ᠨᠠᠰᠤ ᠮᠢᠨᠢ
 ᠡᠵᠢ ᠶ᠋ᠢᠨ ᠰᠦᠨ ᠪ ᠬᠠᠷᠢᠭᠤ ᠰᠠᠨᠠᠵᠤ
 ᠡᠬᠡ ᠣᠷᠣᠨ ‍ᠤ ᠬᠦᠰᠡᠯ ᠰᠠᠨᠠᠵᠤ
 ᠲᠩᠷᠢ ᠶ᠋ᠢᠨ ᠴᠡᠩᠬᠡᠷ ᠬᠠᠭᠠᠯᠬ᠋᠎ᠠ ᠶ᠋ᠢᠨ
 ᠲᠡᠮᠦᠷ ᠣᠨᠢᠰᠣ ᠮᠤᠰᠬᠢᠨ᠎ᠠ ᠡ

   ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃ 
      ᠲᠩᠷᠢ ᠡᠵᠢ ᠠᠮᠢᠯᠠᠭᠤᠯᠤᠨ ᠬᠠᠭᠤᠯᠪᠠ
         ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
             2023 ᠂4 ᠂12 ᠪ ᠡᠲᠦᠷ