ᠰᠢᠨ᠎ᠡ ᠬᠥᠯᠥᠨ ᠪᠥᠢᠷ ᠤ᠋ᠨ ᠳᠠᠭᠤᠤШинэ Хөлөнбуйрын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠬᠥᠯᠥᠨ ᠪᠥᠢᠷ ᠤ᠋ᠨ ᠳᠠᠭᠤᠤШинэ Хөлөнбуйрын дуу

ᠰᠢᠨ᠎ᠡ ᠬᠥᠯᠥᠨ ᠪᠥᠢᠷ ᠤ᠋ᠨ ᠳᠠᠭᠤᠤШинэ Хөлөнбуйрын дуу

ᠠᠩᠭᠢᠯᠠᠯ:ᠳᠠᠭᠤᠤ ᠬᠥᠭᠵᠢᠮ
2023-04-12

307

ᠰᠢᠨ᠎ᠡ ᠬᠥᠯᠥᠨ ᠪᠥᠢᠷ ᠤ᠋ᠨ ᠳᠠᠭᠤᠤ

ᠬᠥᠯᠥᠨ ᠪᠣᠶ᠋ᠢᠷ ᠬᠥᠯᠥᠨ ᠪᠣᠶ᠋ᠢᠷ ᠮᠠᠨ ᠤ᠋ ᠨᠤᠲᠤᠭ
ᠬᠥᠳᠡᠭᠡ ᠲᠠᠯ᠎ᠠ ᠠᠭᠤᠯᠠ ᠤᠰᠤ ᠪᠠᠷ ᠠᠷᠪᠢᠨ ᠶᠤᠮ ᠬᠥ 
ᠬᠦᠰᠡᠯ ᠲᠡᠢ ᠮᠠᠨ ᠤ᠋ ᠵᠠᠯᠠᠭᠤᠴᠤᠳ ᠬᠥ
ᠬᠥᠭᠵᠢᠯᠲᠡᠢ ᠣᠷᠣᠨ ᠳ᠋ᠠᠭᠠᠨ ᠴᠢᠷᠮᠠᠶ᠋ᠢᠵᠠᠭᠠᠶ᠎ᠠ ᠬᠥ 

ᠮᠠᠯ ᠠᠳᠤᠭᠤᠨ ᠰᠦᠷᠦᠭ ᠲᠡᠢ ᠮᠠᠨ ᠤ᠋ ᠨᠤᠲᠤᠭ
ᠮᠠᠨᠳᠤᠵᠤ ᠪᠠᠶ᠋ᠢᠭ᠎ᠠ ᠨᠠᠷᠠᠨ ᠤ᠋ ᠭᠡᠷᠡᠯ ᠳ᠋ᠦ᠍ ᠭᠢᠯᠠᠯᠵᠠᠵᠤ ᠪᠠᠶ᠋ᠢᠨ᠎ᠠ ᠬᠥ 
ᠮᠠᠩᠰᠢᠭᠤᠷᠠᠵᠤ ᠪᠠᠶ᠋ᠢᠭ᠎ᠠ ᠮᠠᠨ ᠤ᠋ ᠮᠣᠩᠭᠣᠯ ᠤ᠋ᠨ ᠵᠠᠯᠠᠭᠤᠴᠤᠳ ᠬᠥ
ᠮᠠᠭᠲᠠᠭᠠᠯᠲᠠᠢ ᠣᠷᠣᠨ ᠳ᠋ᠠᠭᠠᠨ ᠴᠢᠷᠮᠠᠶ᠋ᠢᠵᠠᠭᠠᠶ᠎ᠠ ᠬᠥ 

ᠣᠢ ᠮᠣᠳᠣ ᠪᠠᠷ ᠴᠢᠮᠡᠭᠰᠡᠨ ᠮᠠᠨ ᠤ᠋ ᠨᠤᠲᠤᠭ
ᠣᠳᠣᠨ ᠤ᠋ ᠭᠡᠷᠡᠯ ᠳ᠋ᠦ᠍ᠨᠢ ᠭᠢᠯᠠᠯᠵᠠᠵᠤ ᠪᠠᠶ᠋ᠢᠨ᠎ᠠ ᠬᠥ 
ᠤᠨᠲᠠᠵᠤ ᠪᠠᠶ᠋ᠢᠭ᠎ᠠ ᠮᠠᠨ ᠤ᠋ ᠮᠣᠩᠭᠣᠯ ᠤ᠋ᠨ ᠵᠠᠯᠠᠭᠤᠴᠤᠳ ᠬᠥ
ᠤᠷᠤᠭᠰᠢᠯᠠᠬᠤ ᠵᠠᠮ ᠳ᠋ᠠᠭᠠᠨ ᠵᠢᠳᠬᠦᠵᠡᠭᠡᠶ᠎ᠡ ᠬᠥ 

ᠨᠠᠷᠠᠰᠤ ᠮᠣᠳᠣ ᠪᠠᠷ ᠴᠢᠮᠡᠭᠰᠡᠨ ᠮᠠᠨ ᠤ᠋ ᠨᠤᠲᠤᠭ
ᠨᠠᠷᠠᠨ ᠤ᠋ ᠭᠡᠷᠡᠯ ᠳ᠋ᠦ᠍ ᠭᠢᠯᠠᠯᠵᠠᠵᠤ ᠪᠠᠶ᠋ᠢᠨ᠎ᠠ ᠬᠥ 
ᠨᠠᠭᠠᠳᠴᠤ ᠪᠠᠶ᠋ᠢᠭ᠎ᠠ ᠮᠠᠨ ᠤ᠋ ᠮᠣᠩᠭᠣᠯ ᠤ᠋ᠨ ᠵᠠᠯᠠᠭᠤᠴᠤᠳ ᠬᠥ
ᠨᠠᠰᠤᠨ ᠤ᠋ ᠪᠠᠨ ᠵᠠᠯᠠᠭᠤ ᠳ᠋ᠠᠭᠠᠨ ᠴᠢᠷᠮᠠᠶ᠋ᠢᠵᠠᠭᠠᠶ᠎ᠠ ᠬᠥ 

ᠴᠠᠷᠠᠰᠤ ᠮᠣᠳᠣ ᠪᠠᠷ ᠴᠢᠮᠡᠭᠰᠡᠨ ᠮᠠᠨ ᠤ᠋ ᠨᠤᠲᠤᠭ
ᠰᠠᠷᠠᠨ ᠤ᠋ ᠭᠡᠷᠡᠯ ᠳ᠋ᠦ᠍ ᠭᠢᠯᠠᠯᠵᠠᠵᠤ ᠪᠠᠶ᠋ᠢᠨ᠎ᠠ ᠬᠥ 
ᠰᠠᠭᠠᠲᠠᠵᠤ ᠪᠠᠶ᠋ᠢᠭ᠎ᠠ ᠮᠠᠨ ᠤ᠋ ᠮᠣᠩᠭᠣᠯ ᠤ᠋ᠨ ᠵᠠᠯᠠᠭᠤᠴᠤᠳ ᠬᠥ
ᠰᠠᠷᠠᠭᠤᠯ ᠣᠷᠣᠨ ᠳ᠋ᠠᠭᠠᠨ ᠴᠢᠷᠮᠠᠶ᠋ᠢᠵᠠᠭᠠᠶ᠎ᠠ ᠬᠥ 

   ᠦᠰᠦᠭ ᠠᠮᠢᠯᠠᠭᠤᠯᠤᠭᠴᠢ ᠄ ᠱᠠᠭᠰᠠᠯ