ᠽᠠᠨᠳᠠᠨ ᠬᠦᠷᠡᠩЗандан хүрэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠽᠠᠨᠳᠠᠨ ᠬᠦᠷᠡᠩЗандан хүрэн

ᠽᠠᠨᠳᠠᠨ ᠬᠦᠷᠡᠩЗандан хүрэн

ᠠᠩᠭᠢᠯᠠᠯ:ᠳᠠᠭᠤᠤ ᠬᠥᠭᠵᠢᠮ
2023-04-12

376

ᠽᠠᠨᠳᠠᠨ ᠬᠦᠷᠡᠩ

ᠽᠠᠨᠳᠠᠨ ᠬᠦᠷᠡᠩ ᠮᠣᠷᠢ ᠮᠢᠨᠢ ᠬᠥ ᠬᠥ ᠬᠥ
ᠵᠠᠮ ᠤ᠋ᠨ ᠳᠡᠭᠡᠭᠦᠷ ᠰᠡᠶ᠋ᠢᠪᠦᠷᠢᠯᠡᠨ᠎ᠡ ᠬᠥ ᠬᠥ ᠂
ᠵᠠᠯᠠᠭᠤ ᠪᠠᠭ᠎ᠠ ᠶ᠋ᠢᠨ ᠪᠢᠳᠡᠨᠡᠷ ᠬᠥ ᠬᠥ ᠬᠥ
ᠵᠠᠪᠠᠯ ᠬᠤᠪᠢᠰᠬᠠᠯ ᠢ᠋ᠶ᠋ᠠᠨ ᠪᠡᠶᠡᠯᠡᠭᠦᠯᠦᠨ᠎ᠡ ᠬᠥ ᠬᠥ ᠃

ᠦᠵᠦᠮ ᠦ᠋ᠨ ᠥᠩᠭᠡ ᠲᠡᠢ ᠪᠣᠷᠣ ᠮᠢᠨᠢ ᠬᠥ ᠬᠥ ᠬᠥ
ᠡᠪᠡᠰᠦᠨ ᠦ᠌ ᠳᠡᠭᠡᠭᠦᠷ ᠰᠡᠶ᠋ᠢᠪᠦᠷᠢᠯᠡᠨ᠎ᠡ ᠬᠥ ᠬᠥ ᠂
ᠥᠰᠪᠥᠷᠢ ᠶ᠋ᠢᠨ ᠵᠠᠯᠠᠭᠤ ᠪᠢᠳᠡᠨᠡᠷ ᠬᠥ ᠬᠥ ᠬᠥ
ᠥᠷᠯᠥᠭ ᠬᠤᠪᠢᠰᠬᠠᠯ ᠢ᠋ᠶ᠋ᠠᠨ ᠪᠡᠶᠡᠯᠡᠭᠦᠯᠦᠨ᠎ᠡ ᠬᠥ ᠬᠥ ᠃

ᠪᠠᠷᠠᠭᠤᠨ ᠰᠢᠯᠢ ᠶ᠋ᠢ ᠲᠤᠭᠤᠯᠬᠤ ᠳ᠋ᠤ᠌ ᠬᠥ ᠬᠥ ᠬᠥ
ᠪᠠᠷᠤᠭ ᠲᠠᠢ ᠮᠣᠷᠢ ᠭᠣᠷᠢ ᠦᠭᠡᠢ ᠬᠥ ᠬᠥ ᠂
ᠪᠠᠭᠠᠲᠤᠷ ᠬᠤᠪᠢᠰᠬᠠᠯ ᠊ᠢ ᠪᠡᠶᠡᠯᠡᠭᠦᠯᠬᠦ ᠳ᠋ᠦ᠍ ᠬᠥ ᠬᠥ ᠬᠥ
ᠪᠠᠭᠠᠲᠤᠷᠯᠢᠭ ᠵᠣᠷᠢᠭ ᠦᠭᠡᠢ ᠪᠣᠯ ᠭᠣᠷᠢ ᠦᠭᠡᠢ ᠬᠥ ᠬᠥ ᠃

ᠬᠣᠶ᠋ᠢᠲᠤ ᠰᠢᠯᠢ ᠶ᠋ᠢ ᠲᠤᠭᠤᠯᠬᠤ ᠳ᠋ᠤ᠌ ᠬᠥ ᠬᠥ ᠬᠥ
ᠬᠣᠶᠠᠷ ᠮᠣᠷᠢ ᠦᠭᠡᠢ ᠪᠣᠯ ᠭᠣᠷᠢ ᠦᠭᠡᠢ ᠬᠥ ᠬᠥ ᠂
ᠬᠤᠪᠢᠰᠬᠠᠯ ᠬᠢᠬᠦ ᠬᠥᠮᠦᠨ ᠳ᠋ᠦ᠍ ᠬᠥ ᠬᠥ ᠬᠥ
ᠬᠣᠶᠠᠷ ᠰᠡᠳᠬᠢᠯ ᠲᠡᠢ ᠪᠣᠯ ᠭᠣᠷᠢ ᠦᠭᠡᠢ ᠬᠥ ᠬᠥ ᠃

  ᠦᠰᠦᠭ ᠠᠮᠢᠯᠠᠭᠤᠯᠤᠭᠴᠢ ᠄ ᠱᠠᠭᠰᠠᠯ
  ᠬᠢᠨᠠᠭᠴᠢ ᠄ ᠣᠤᠠᠬᠠᠨᠰᠣ ‍ᠠ᠋