ᠰᠠᠨᠠᠵᠤ ᠳᠠᠭᠤᠯᠠᠬᠤ ᠬᠣᠷᠸ᠋᠎ᠠСанаж дуулах хорво ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠵᠤ ᠳᠠᠭᠤᠯᠠᠬᠤ ᠬᠣᠷᠸ᠋᠎ᠠСанаж дуулах хорво

ᠰᠠᠨᠠᠵᠤ ᠳᠠᠭᠤᠯᠠᠬᠤ ᠬᠣᠷᠸ᠋᠎ᠠСанаж дуулах хорво

2023-04-12

267

ᠰᠠᠨᠠᠵᠤ ᠳᠠᠭᠤᠯᠠᠬᠤ ᠬᠣᠷᠸ᠋᠎ᠠ 

ᠰᠦᠮᠪᠦᠷ ᠠᠭᠤᠯᠠ ᠰᠢᠭ᠋ ᠲᠦᠰᠢᠭ ᠰᠠᠨᠠᠭᠳᠠᠬᠤ

ᠪᠤᠭᠤᠷᠤᠯ ᠠᠪᠤ ᠮᠢᠨᠢ ᠠᠮᠤᠷ ᠰᠠᠢᠨ ‍ᠤᠤ ︖
ᠰᠠᠭᠠᠭᠰᠠᠨ ᠰᠦ ᠰᠢᠭ ᠬᠠᠯᠠᠭᠤᠨ ᠪᠣᠳᠣᠬᠤ
ᠪᠤᠶᠠᠨᠲᠤ ᠡᠵᠢ ᠮᠢᠨᠢ ᠮᠡᠨᠳᠦ ᠰᠠᠢᠨ ‍ᠤᠤ ︖
ᠰᠠᠢᠬᠠᠨ ᠲᠠᠨᠠᠷ ᠊ᠢ ᠪᠡᠨ ᠰᠠᠨᠠᠨ ᠰᠠᠨᠠᠭᠰᠠᠭᠠᠷ
ᠬᠣᠶᠠᠷ ᠨᠢᠳᠦ ᠮᠢᠨᠢ ᠮᠡᠯᠮᠡᠷᠡᠬᠦ ᠶᠦ᠍ᠮ ᠠ᠋
ᠰᠠᠨᠠᠭᠠᠳ ᠵᠣᠯᠭᠠᠬᠤ ᠪᠠᠨ ᠪᠣᠳᠣᠨ ᠪᠣᠳᠣᠭᠰᠠᠭᠠᠷ
ᠬᠣᠩᠭᠣᠷ ᠰᠡᠳᠬᠢᠯ ᠮᠢᠨᠢ ᠤᠶᠠᠷᠠᠬᠤ ᠶᠤᠮ ᠠ᠋

ᠠᠭᠠᠷ ᠤ᠋ᠨ ᠨᠠᠷᠠ ᠰᠢᠭ᠋ ᠭᠢᠯᠠᠷᠠᠭᠤᠯᠵᠤ ᠶᠠᠪᠤᠬᠤ
ᠠᠬ᠎ᠠ ᠡᠭᠡᠴᠢ ᠮᠢᠨᠢ ᠬᠡᠶ᠋ᠢᠮᠣᠷᠢ ᠰᠠᠢᠨ ‍ᠤᠤ ︖
ᠲᠠᠯ᠎ᠠ ᠶ᠋ᠢᠨ ᠴᠡᠴᠡᠭ ᠰᠢᠭ ᠠᠯᠢᠶᠠᠯᠠᠨ ᠢᠨᠢᠶᠡᠬᠦ
ᠳᠡᠭᠦᠦᠨᠠᠷ ᠬᠡᠦᠬᠡᠳ ᠮᠢᠨᠢ ᠥᠯᠵᠡᠢ ᠰᠠᠢᠨ ‍ᠤᠤ ︖
ᠰᠠᠢᠬᠠᠨ ᠲᠠᠨᠠᠷ ᠊ᠢ ᠪᠡᠨ ᠰᠠᠨᠠᠨ ᠰᠠᠨᠠᠭᠰᠠᠭᠠᠷ
ᠰᠡᠳᠬᠢᠯ ᠵᠢᠷᠦᠬᠡ ᠮᠢᠨᠢ ᠳᠣᠭᠳᠣᠯᠬᠤ ᠶᠤᠮ
ᠰᠠᠨᠠᠭᠠᠳ ᠵᠣᠯᠭᠠᠬᠤ ᠪᠠᠨ ᠪᠣᠳᠣᠨ ᠪᠣᠳᠣᠭᠰᠠᠭᠠᠷ
ᠰᠠᠷᠠᠪᠴᠢᠯᠠᠨ ᠬᠠᠷᠠᠭᠰᠠᠭᠠᠷ ᠰᠠᠭᠤᠬᠤ ᠶᠤᠮ ᠠ᠋ ᠃

    ᠦᠰᠦᠭ ᠠᠮᠢᠯᠠᠭᠤᠯᠤᠭᠴᠢ ᠄ ᠣᠤᠠᠬᠣᠨᠴᠡᠴᠡᠭ
    ᠬᠢᠨᠠᠭᠴᠢ ᠄ ᠣᠤᠠᠬᠠᠨᠰᠣ ‍ᠠ᠋ ᠂ ᠭᠠᠷᠮ᠎ᠠ