ᠮᠥᠬᠦᠷᠦᠦ ᠮᠥᠬᠦᠷᠦᠦ ᠱᠣᠷᠣᠨ ᠬᠠᠳᠠМөхрүү мөхрүү шорон хад ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠬᠦᠷᠦᠦ ᠮᠥᠬᠦᠷᠦᠦ ᠱᠣᠷᠣᠨ ᠬᠠᠳᠠМөхрүү мөхрүү шорон хад

ᠮᠥᠬᠦᠷᠦᠦ ᠮᠥᠬᠦᠷᠦᠦ ᠱᠣᠷᠣᠨ ᠬᠠᠳᠠМөхрүү мөхрүү шорон хад

2023-04-12

431

ᠮᠥᠬᠦᠷᠦᠦ ᠮᠥᠬᠦᠷᠦᠦ ᠱᠣᠷᠣᠨ ᠬᠠᠳᠠ 

ᠮᠥᠬᠦᠷᠦᠦ ᠮᠥᠬᠦᠷᠦᠦ ᠱᠣᠷᠣᠨ ᠬᠠᠳᠠ ᠬᠥ

ᠮᠥᠩᠭᠥᠨ ᠳ᠋ᠦ᠍ ᠠᠳᠠᠯᠢ ᠡᠯᠡᠰᠦ ᠮᠠᠩᠬ᠎ᠠ ᠬᠥ ᠂
ᠮᠥᠮᠥ ᠶ᠋ᠢᠨ ᠮᠢᠨᠢ ᠥᠰᠭᠡᠭᠰᠡᠨ ᠨᠤᠲᠤᠭ ᠶᠤᠮ ᠳᠠ ᠬᠥ
ᠮᠥᠷᠥᠭᠡᠳᠦᠨ ᠰᠠᠨᠠᠭᠳᠠᠭᠠᠳ ᠤᠶ᠋ᠢᠤᠠᠬᠠᠷᠯᠠᠨ ᠪᠠᠶ᠋ᠢᠨ᠎ᠠ ᠬᠥ ᠃

ᠠᠭᠤᠯᠠ ᠤᠰᠤ ᠨᠢ ᠦᠷᠭᠦᠯᠵᠢᠯᠡᠨ ᠪᠠᠶ᠋ᠢᠨ᠎ᠠ ᠬᠥ
ᠠᠳᠤᠭᠤ ᠮᠠᠯ ᠤ᠋ᠨ ᠮᠢᠨᠢ ᠪᠡᠯᠴᠢᠭᠡᠷ ᠶᠦ᠍ᠮ ᠠ᠋ ᠬᠥ ᠂
ᠠᠪᠤ ᠶ᠋ᠢᠨ ᠮᠢᠨᠢ ᠥᠰᠭᠡᠭᠰᠡᠨ ᠨᠤᠲᠤᠭ ᠶᠤᠮ ᠠ᠋ ᠬᠥ
ᠠᠰᠤᠷᠤ ᠰᠠᠨᠠᠭᠳᠠᠭᠠᠳ ᠤᠶ᠋ᠢᠤᠠᠬᠠᠷᠯᠠᠨ ᠪᠠᠶ᠋ᠢᠨ᠎ᠠ ᠬᠥ ᠃

ᠨᠠᠮᠤᠷ ᠤ᠋ᠨ ᠤᠯᠠᠷᠢᠯ ᠢᠷᠡᠯ᠎ᠡ ᠬᠥ
ᠨᠠᠪᠴᠢ ᠨᠠᠮᠠᠭ᠎ᠠ ᠨᠢ ᠰᠢᠷᠠᠯᠠᠨ ᠪᠠᠶ᠋ᠢᠨ᠎ᠠ ᠬᠥ ᠂
ᠨᠡᠰᠢ ᠴᠠᠰᠢ ᠶᠠᠪᠤᠬᠤ ᠭᠠᠯᠠᠭᠤᠨ ᠰᠦᠷᠦᠭ ᠬᠥ
ᠨᠢᠰᠦᠨ ᠳᠠᠭᠲᠠᠨ ᠵᠠᠯᠭᠠᠨ ᠰᠠᠭᠤᠨ᠎ᠠ ᠬᠥ ᠃

ᠬᠣᠶ᠋ᠢᠨ᠎ᠠ ᠠ᠋ᠴᠠ ᠭᠠᠷᠬᠤ ᠬᠣᠩᠭᠣᠷ ᠰᠠᠯᠬᠢᠨ ᠬᠥ
ᠬᠤᠨ ᠭᠠᠯᠠᠭᠤᠨ ᠤ᠋ ᠵᠤᠯᠵᠠᠭ᠎ᠠ ᠤᠷᠤᠭᠰᠢ ᠪᠠᠨ ᠨᠢᠰᠦᠨ᠎ᠡ ᠬᠥ ᠂
ᠬᠤᠪᠢᠰᠬᠠᠯ ᠤ᠋ᠨ ᠣᠯᠠᠨ ᠵᠠᠯᠠᠭᠤᠰ ᠪᠢᠳᠡ ᠬᠥ
ᠬᠣᠰᠢᠭᠤ ᠨᠤᠲᠤᠭ ᠢ᠋ᠶ᠋ᠠᠨ ᠬᠠᠮᠠᠭᠠᠯᠠᠵᠠᠭᠠᠶ᠎ᠠ ᠬᠥ ᠃

   ᠦᠰᠦᠭ ᠠᠮᠢᠯᠠᠭᠤᠯᠠᠭᠴᠢ ᠄ ᠱᠠᠭᠰᠠᠯ
   ᠬᠢᠨᠠᠭᠴᠢ ᠄ ᠣᠤᠠᠬᠠᠨᠰᠣ ‍ᠠ᠋