ᠮᠣᠭᠠᠢᠲᠤ ᠶ᠋ᠢᠨ ᠪᠣᠭᠳᠠ ᠠᠭᠤᠯᠠ- ᠪᠤᠶᠠᠨᠲᠥ᠋ᠭᠦᠷᠡᠩМогойтын богд уул-буянтгэрэн
ᠮᠣᠭᠠᠢᠲᠤ ᠶ᠋ᠢᠨ ᠪᠣᠭᠳᠠ ᠠᠭᠤᠯᠠ
ᠦᠭᠡ ᠄ ᠳᠦᠭᠦᠷᠰᠥ᠋ᠷᠦᠩ
ᠠᠶ᠎ᠠ ᠄ ᠡᠩᠬᠡᠪᠠᠶᠠᠷ
ᠳᠠᠭᠤᠴᠢᠨ ᠄ ᠪᠤᠶᠠᠨᠲᠥ᠋ᠭᠦᠷᠡᠩ
ᠥᠨᠳᠥᠷ ᠰᠠᠢᠬᠠᠨ ᠮᠣᠭᠠᠶ᠋ᠢᠲᠤ ᠶ᠋ᠢᠨ ᠪᠣᠭᠳᠠ ᠠᠭᠤᠯᠠ
ᠤᠨᠳᠤᠷᠤᠨ ᠤᠷᠤᠰᠬᠤ
ᠮᠣᠭᠠᠶ᠋ᠢᠲᠤ ᠶ᠋ᠢᠨ ᠭᠣᠣᠯ
ᠥᠷᠭᠡᠨ ᠨᠣᠭᠣᠭᠠᠨ ᠬᠥᠪᠴᠢ ᠨᠢ
ᠡᠪᠦᠭᠡ ᠳᠡᠭᠡᠳᠦᠰ ᠦ᠋ᠨ ᠨᠤᠲᠤᠭ
ᠣᠷᠴᠢᠯᠠᠩ ᠳ᠋ᠤ᠌ ᠪᠣᠭᠳᠠ ᠠᠭᠤᠯᠠ ᠮᠢᠨᠢ
ᠥᠨᠢᠳᠡ ᠶ᠋ᠢᠨ ᠲᠠᠬᠢᠯᠭ᠎ᠠ ᠶ᠋ᠢᠨ ᠣᠷᠣᠨ
ᠬᠥᠬᠡᠷᠡᠨ ᠬᠠᠷᠠᠭᠳᠠᠬᠤ ᠮᠣᠭᠠᠶ᠋ᠢᠲᠤ ᠶ᠋ᠢᠨ ᠪᠣᠭᠳᠠ ᠠᠭᠤᠯᠠ
ᠬᠥᠬᠥᠭᠡ ᠰᠢᠪᠠᠭᠤ
ᠬᠥᠭᠵᠢᠯᠳᠦᠨ ᠳᠣᠩᠭᠣᠳᠤᠭᠰᠠᠨ
ᠬᠥᠪᠴᠢ ᠨᠣᠭᠣᠭᠠᠨ ᠬᠣᠷᠮᠣᠢ ᠳ᠋ᠤ᠌ ᠨᠢ
ᠬᠣᠨᠢᠨ ᠰᠦᠷᠦᠭ ᠮᠢᠷᠠᠯᠵᠠᠭᠰᠠᠨ
ᠬᠣᠷᠸ᠋᠎ᠠ ᠳ᠋ᠤ᠌ ᠪᠣᠭᠳᠠ ᠠᠭᠤᠯᠠ ᠮᠢᠨᠢ
ᠬᠦᠨᠳᠦᠲᠦ ᠲᠠᠬᠢᠯᠭ᠎ᠠ ᠶ᠋ᠢᠨ ᠣᠷᠣᠨ
ᠠᠷᠢᠭᠤᠬᠠᠨ ᠥᠨᠳᠥᠷ ᠮᠣᠭᠠᠶ᠋ᠢᠲᠤ ᠶ᠋ᠢᠨ ᠪᠣᠭᠳᠠ ᠠᠭᠤᠯᠠ
ᠠᠭᠲᠠ ᠬᠡᠶ᠋ᠢᠮᠣᠷᠢ ᠶ᠋ᠢᠨ ᠳᠣᠯᠭᠢᠶᠠᠨ ᠰᠡᠩᠬᠡᠯᠵᠡᠭ᠍ᠰᠡᠨ
ᠠᠲᠠᠷ ᠨᠡᠮᠡᠭᠦᠬᠡᠨ ᠵᠦᠯᠭᠡᠨ ᠳ᠋ᠦ᠍
ᠠᠪᠤᠷᠭᠤ ᠪᠥᠬᠡᠴᠦᠳ ᠵᠣᠳᠣᠭᠯᠠᠭᠰᠠᠨ
ᠠᠭᠯᠠᠭ ᠲᠤ᠌ ᠪᠣᠭᠳᠠ ᠠᠭᠤᠯᠠ ᠮᠢᠨᠢ
ᠣᠯᠠᠨ ᠤ᠋ ᠲᠠᠬᠢᠯᠭ᠎ᠠ ᠶ᠋ᠢᠨ ᠣᠷᠣᠨ
ᠮᠠᠨᠠᠨ ᠳ᠋ᠤ᠌ ᠰᠦᠨᠳᠡᠷᠯᠡᠬᠦ ᠮᠣᠭᠠᠶ᠋ᠢᠲᠤ ᠶ᠋ᠢᠨ ᠪᠣᠭᠳᠠ ᠠᠭᠤᠯᠠ
ᠮᠣᠩᠭᠣᠯ ᠳᠠᠭᠤᠤ ᠬᠠᠩᠭᠢᠨᠠᠮ᠎ᠠ ᠤᠶᠠᠬᠠᠨ ᠪᠠᠶ᠋ᠢᠲᠠᠭ
ᠮᠦᠰᠢᠶᠡᠬᠦ ᠨᠣᠭᠣᠭᠠᠨ ᠳᠡᠨᠵᠢᠨ ᠳ᠋ᠦ᠍
ᠮᠣᠩᠭᠣᠯ ᠭᠡᠷ ᠦ᠋ᠳ ᠴᠠᠶ᠋ᠢᠯᠵᠠᠭᠰᠠᠨ
ᠮᠣᠭᠠᠶ᠋ᠢᠲᠤ ᠶ᠋ᠢᠨ ᠪᠣᠭᠳᠠ ᠠᠭᠤᠯᠠ ᠮᠢᠨᠢ
ᠮᠥᠩᠬᠡ ᠶ᠋ᠢᠨ ᠲᠠᠬᠢᠯᠭ᠎ᠠ ᠶ᠋ᠢᠨ ᠣᠷᠣᠨ
ᠮᠥᠩᠬᠡ ᠶ᠋ᠢᠨ ᠲᠠᠬᠢᠯᠭ᠎ᠠ ᠶ᠋ᠢᠨ ᠣᠷᠣᠨ
ᠦᠰᠦᠭ ᠠᠮᠢᠯᠠᠭᠤᠯᠤᠭᠰᠠᠨ ᠨᠢ ᠰ ᠂ ᠰᠤᠮᠢᠶ᠎ᠠ
ᠦᠰᠦᠭ ᠬᠢᠨᠠᠭᠰᠠᠨ ᠨᠢ ᠂ ᠾᠤᠩ ᠸᠧᠢ ᠂ ᠢᠷᠡᠭᠡᠳᠦᠢ
