ᠮᠣᠩᠭᠣᠯᠴᠤᠳ ᠳᠥᠷᠪᠡᠨ ᠨᠢᠳᠦ ᠲᠡᠢ ᠬᠠᠯᠲᠠᠷ ᠨᠣᠬᠠᠢ ᠲᠡᠵᠢᠭᠡᠳᠡᠭ ᠦ᠋ᠨ ᠤᠴᠢᠷМонголчууд дөрвөн нүдтэй халтар нохой тэжээдгийн очир ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠳᠥᠷᠪᠡᠨ ᠨᠢᠳᠦ ᠲᠡᠢ ᠬᠠᠯᠲᠠᠷ ᠨᠣᠬᠠᠢ ᠲᠡᠵᠢᠭᠡᠳᠡᠭ ᠦ᠋ᠨ ᠤᠴᠢᠷМонголчууд дөрвөн нүдтэй халтар нохой тэжээдгийн очир

ᠮᠣᠩᠭᠣᠯᠴᠤᠳ ᠳᠥᠷᠪᠡᠨ ᠨᠢᠳᠦ ᠲᠡᠢ ᠬᠠᠯᠲᠠᠷ ᠨᠣᠬᠠᠢ ᠲᠡᠵᠢᠭᠡᠳᠡᠭ ᠦ᠋ᠨ ᠤᠴᠢᠷМонголчууд дөрвөн нүдтэй халтар нохой тэжээдгийн очир

ᠠᠩᠭᠢᠯᠠᠯ:ᠵᠠᠩ ᠦᠢᠯᠡ
2023-04-12

387

ᠮᠣᠩᠭᠣᠯᠴᠤᠳ ᠳᠥᠷᠪᠡᠨ ᠨᠢᠳᠦ ᠲᠡᠢ ᠬᠠᠯᠲᠠᠷ ᠨᠣᠬᠠᠢ ᠲᠡᠵᠢᠭᠡᠳᠡᠭ ᠦ᠋ᠨ ᠤᠴᠢᠷ

  ᠡᠷᠲᠡ ᠤᠷᠢᠳᠤ ᠴᠠᠭ ᠲᠤ᠌ ᠨᠢᠭᠡᠨ ᠵᠠᠯᠠᠭᠤ ᠭᠡᠷ ᠪᠦᠯᠢ ᠪᠠᠶ᠋ᠢᠵᠠᠢ ᠃ ᠲᠡᠳᠡ ᠪᠡᠶ᠎ᠡ ᠪᠠᠶᠠᠨ ᠳ᠋ᠤ᠌ ᠪᠠᠨ ᠬᠠᠶ᠋ᠢᠷᠠᠲᠠᠢ ᠪᠣᠯᠪᠠᠴᠤ ᠵᠠᠷᠢᠮ ᠳ᠋ᠤ᠌ ᠪᠠᠨ ᠳᠠᠭᠠᠷᠠᠮᠵᠢ ᠮᠠᠭᠤᠲᠠᠢ ᠣᠷᠣᠢ ᠦᠳᠡᠰᠢ ᠪᠡᠷ ᠬᠡᠷᠡᠯᠳᠦᠵᠦ ᠰᠠᠯᠤᠨ᠎ᠠ ᠪᠠᠷᠢᠨ᠎ᠠ ᠭᠡᠵᠦ ᠬᠡᠦᠬᠡᠳ ᠰᠢᠤᠬᠠᠳ ᠢ᠋ᠶ᠋ᠠᠨ ᠠᠶᠤᠯᠭᠠᠳᠠᠭ ᠪᠠᠶ᠋ᠢᠵᠠᠢ ᠭᠡᠨ᠎ᠡ ᠃
ᠡᠷᠲᠡ ᠳᠡᠭᠡᠷ᠎ᠡ ᠦᠶ᠎ᠡ ᠡᠴᠡ ᠮᠣᠩᠭᠣᠯᠴᠤᠳ ᠣᠷᠣᠢ ᠦᠳᠡᠰᠢ ᠨᠣᠬᠠᠢ ᠣᠯᠢᠬᠤ ᠬᠡᠢ ᠬᠤᠴᠠᠬᠤ ᠂ ᠡᠮᠡᠭᠲᠡᠢ ᠬᠥᠮᠦᠨ ᠤᠬᠢᠯᠠᠨ ᠭᠢᠩᠰᠢᠬᠦ ᠶ᠋ᠢ ᠮᠠᠭᠤ ᠢᠷᠣ᠎ᠠ ᠭᠡᠵᠦ ᠴᠡᠭᠡᠷᠯᠡᠳᠡᠭ ᠶᠦ᠍ᠮ ᠃ ᠲᠡᠭᠡᠭᠡᠳ ᠨᠤᠲᠤᠭ ᠤ᠋ᠨ ᠨᠢᠭᠡᠨ ᠰᠠᠢᠨ ᠯᠠᠮ᠎ᠠ ᠶ᠋ᠢ ᠵᠠᠯᠠᠵᠤ ᠠᠷᠭ᠎ᠠ ᠴᠠᠷᠭ᠎ᠠ ᠬᠢᠯᠭᠡᠬᠦ ᠪᠣᠯᠵᠠᠢ ᠃ ᠯᠠᠮ᠎ᠠ ᠢᠷᠡᠵᠦ ᠨᠣᠮ ᠭᠦᠷᠢᠮ ᠤᠩᠰᠢᠵᠤ ᠮᠡᠷᠭᠡ ᠲᠥᠯᠭᠡ ᠦᠵᠡᠭᠡᠳ ᠄ 《 ᠲᠠ ᠬᠣᠶᠠᠷ ᠬᠡᠷᠡᠭᠦᠯ ᠶᠡᠬᠡ ᠬᠢᠳᠡᠭ ᠪᠣᠯᠤᠯᠲᠠᠢ ᠣᠷᠣᠢ ᠦᠳᠡᠰᠢ ᠬᠡᠦᠬᠡᠳ ᠰᠢᠤᠬᠠᠳ ᠢ᠋ᠶ᠋ᠠᠨ ᠠᠶᠤᠯᠭᠠᠵᠤ ᠬᠡᠷᠡᠭᠦᠯ ᠴᠤᠤᠭᠢᠶᠠᠨ ᠪᠤᠤ ᠬᠢ ! ᠳᠥᠷᠪᠡᠨ ᠨᠢᠳᠦᠲᠡᠢ ᠤᠯᠠᠭᠠᠨ ᠬᠠᠯᠲᠠᠷ ᠨᠣᠬᠠᠢ ᠣᠯᠵᠤ ᠰᠠᠢᠨ ᠬᠣᠭᠣᠯᠠᠯᠠᠵᠤ ᠲᠡᠵᠢᠭᠡᠪᠡᠯ ᠰᠠᠢᠨ ᠶᠤᠮ ᠳᠠ ! 》 ᠭᠡᠵᠦ ᠠᠶ᠋ᠢᠯᠠᠲᠤᠭᠠᠳ ᠶᠠᠪᠤᠵᠠᠢ ᠃ ᠲᠡᠭᠡᠭᠡᠳ ᠤᠭ ᠦᠭᠡ ᠶ᠋ᠢᠨ ᠶᠣᠰᠣᠭᠠᠷ ᠳᠥᠷᠪᠡᠨ ᠨᠢᠳᠦᠲᠡᠢ ᠤᠯᠠᠭᠠᠨ ᠬᠠᠯᠲᠠᠷ ᠨᠣᠬᠠᠢ ᠲᠡᠵᠢᠭᠡᠵᠡᠢ ᠃
ᠨᠢᠭᠡᠨ ᠣᠷᠣᠢ ᠲᠡᠳᠡᠨ ᠦ᠌ ᠳ᠋ᠦ᠍ ᠽᠠᠨᠳᠠᠨ ᠵᠣᠣ ᠳ᠋ᠤ᠌ ᠮᠥᠷᠭᠥᠯ ᠦᠢᠯᠡᠳᠴᠦ ᠣᠯᠠᠨ ᠵᠢᠯ ᠨᠣᠮ ᠦᠵᠡᠵᠦ ᠲᠠᠪᠤᠨ ᠤᠬᠠᠭᠠᠨ ᠳ᠋ᠤ᠌ ᠬᠡᠬᠡᠷᠡᠭᠰᠡᠨ ᠨᠢᠭᠡᠨ ᠯᠠᠮ᠎ᠠ ᠬᠣᠨᠣᠭ ᠲᠥᠬᠥᠭᠡᠷᠦᠭᠦᠯᠬᠦ ᠪᠡᠷ ᠪᠣᠯᠵᠤ ᠪᠠᠭᠤᠳᠠᠯᠯᠠᠵᠠᠢ ᠃ ᠯᠠᠮ᠎ᠠ ᠶ᠋ᠢ ᠴᠠᠢ ᠤᠤᠭᠤᠵᠤ ᠰᠠᠭᠤᠲᠠᠯ᠎ᠠ ᠨᠣᠬᠠᠢ ᠨᠢ ᠭᠡᠷ ᠢ᠋ᠶ᠋ᠡᠨ ᠲᠣᠭᠣᠷᠢᠵᠤ ᠬᠤᠴᠠᠬᠤ ᠳ᠋ᠤ᠌ ᠭᠡᠷ ᠦ᠋ᠨ ᠡᠵᠡᠨ ᠠᠭᠤᠷᠯᠠᠵᠤ ᠮᠠᠭᠤ ᠢᠷᠣ᠎ᠠ ᠶ᠋ᠢᠨ ᠭᠤᠳᠤᠷᠭ᠎ᠠ ᠣᠷᠣᠢ ᠪᠣᠯᠬᠤ ᠪᠠᠷ ᠯᠠ ᠬᠤᠳᠠᠯ ᠬᠤᠴᠠᠭᠠᠳ ᠭᠡᠵᠦ ᠨᠣᠬᠠᠢ ᠪᠠᠨ ᠵᠣᠳᠣᠵᠤ ᠬᠥᠭᠡᠭᠡᠭᠡᠳ ᠣᠷᠣᠵᠤ ᠢᠷᠡᠵᠡᠢ ᠭᠡᠨ᠎ᠡ ᠃ ᠭᠡᠲᠡᠯ᠎ᠡ ᠲᠡᠳᠡᠨ ᠦ᠌ ᠨᠢᠯᠬ᠎ᠠ ᠬᠡᠦᠬᠡᠳ ᠨᠢ ᠬᠠᠯᠠᠭᠤᠷᠠᠵᠤ ᠪᠠᠶ᠋ᠢᠭ᠎ᠠ ᠪᠣᠯᠤᠯᠲᠠᠢ ᠶᠠᠮᠠᠷ ᠨᠢᠭᠡᠨ ᠶᠠᠭᠤᠮᠠᠨ ᠠ᠋ᠴᠠ ᠰᠣᠴᠢᠨ ᠤᠬᠢᠯᠠᠬᠤ ᠳ᠋ᠤ᠌ ᠨᠣᠬᠠᠢ ᠨᠢ ᠪᠠᠰᠠ ᠯᠠ ᠭᠡᠷ ᠢ᠋ᠶ᠋ᠡᠨ ᠲᠣᠭᠣᠷᠢᠨ ᠪᠣᠷᠭᠣᠨ ᠬᠤᠴᠠᠵᠤ ᠡᠭᠦᠳᠡ ᠪᠡᠨ ᠳᠠᠷᠤᠭᠠᠳ ᠬᠡᠪᠲᠡᠴᠢᠬᠡᠵᠡᠢ ᠃ ᠡᠨᠡ ᠦᠶ᠎ᠡ ᠳ᠋ᠦ᠍ ᠭᠠᠳᠠᠨ᠎ᠠ ᠬᠣᠶᠠᠷ ᠴᠢᠳᠬᠥᠷ ᠢᠷᠡᠭᠡᠳ ᠡᠶ᠋ᠢᠨ ‍ᠬᠦ ᠶᠠᠷᠢᠯᠴᠠᠬᠤ ᠶ᠋ᠢ ᠲᠡᠳᠡᠨ ᠦ᠌ ᠳ᠋ᠦ᠍ ᠢᠷᠡᠭᠰᠡᠨ ᠯᠠᠮ᠎ᠠ ᠴᠢᠩᠨᠠᠨ ᠰᠠᠭᠤᠵᠠᠢ ᠃ ᠬᠣᠶᠠᠷ ᠴᠢᠳᠬᠥᠷ ᠦ᠋ᠨ ᠨᠢᠭᠡ ᠨᠢ 《ᠴᠢ ᠣᠷᠣᠭᠠᠳ ᠬᠦᠦ ᠶ᠋ᠢᠨ ᠬᠢᠨᠢ ᠰᠦᠨᠡᠰᠦ ᠶ᠋ᠢ ᠠᠪᠤᠭᠠᠳ ᠢᠷ᠎ᠡ 》 ᠭᠡᠬᠦ ᠳ᠋ᠦ᠍ ᠨᠥᠭᠥᠭᠡᠳᠡᠬᠢ ᠨᠢ 《 ᠣᠷᠣᠬᠤ ᠳ᠋ᠤ᠌ ᠬᠡᠴᠡᠭᠦᠬᠡᠨ ᠪᠣᠯᠤᠭᠰᠠᠨ ᠪᠠᠶ᠋ᠢᠨ᠎ᠠ ᠂ ᠡᠳᠡᠨ ᠦ᠌ ᠬᠡᠵᠢᠶ᠎ᠡ ᠨᠢ ᠳᠥᠷᠪᠡᠨ ᠨᠢᠳᠦᠲᠡᠢ ᠤᠯᠠᠭᠠᠨ ᠬᠠᠯᠲᠠᠷ ᠨᠣᠬᠠᠢ ᠲᠠᠢ ᠪᠣᠯᠴᠢᠬᠠᠳᠠᠭ ᠪᠠᠶ᠋ᠢᠨ᠎ᠠ ? ᠡᠭᠦᠳᠡ ᠪᠡᠨ ᠭᠣᠣᠯᠯᠠᠭᠠᠳ ᠴᠢ ᠪᠢᠳᠡ ᠬᠣᠶᠠᠷ ᠊ᠢ ᠬᠠᠷᠠᠭᠠᠳ ᠬᠡᠪᠲᠡᠵᠦ ᠪᠠᠶ᠋ᠢᠨ᠎ᠠ ᠰᠢᠦ ! ᠪᠢ ᠨᠣᠬᠠᠢ ᠳ᠋ᠤ᠌ ᠤᠷᠠᠭᠤᠯᠵᠤ ᠴᠢᠳᠠᠬᠤ ᠦᠭᠡᠢ ᠂ ᠴᠢ ᠣᠷᠣ ! 》 ᠭᠡᠮᠡᠨ ᠲᠦᠯᠬᠢᠵᠦ ᠲᠠᠲᠠᠯᠴᠠᠭᠰᠠᠭᠠᠷ ᠬᠣᠯᠠᠳᠬᠤ ᠶ᠋ᠢ ᠴᠢᠩᠨᠠᠨ ᠰᠠᠭᠤᠭᠰᠠᠨ ᠯᠠᠮ᠎ᠠ ᠄ 《ᠲᠠᠨ ᠤ᠋ ᠨᠣᠬᠠᠢ ᠴᠢᠨᠢ ᠠᠯᠪᠢᠨ ᠴᠢᠳᠬᠥᠷ ᠡᠴᠡ ᠬᠡᠦᠬᠡᠳ ᠦ᠋ᠨ ᠴᠢᠨᠢ ᠠᠮᠢ ᠶ᠋ᠢ ᠰᠠᠬᠢᠨ ᠬᠠᠮᠠᠭᠠᠯᠠᠳᠠᠭ ᠶᠤᠮ ᠪᠠᠶ᠋ᠢᠨ᠎ᠠ ᠂ ᠰᠠᠢᠨ ᠬᠣᠭᠣᠯᠠᠯᠠᠵᠤ ᠬᠠᠶ᠋ᠢᠷᠠᠯᠠᠵᠤ ᠪᠠᠢ ! 》 ᠭᠡᠵᠦ ᠬᠡᠯᠡᠭᠰᠡᠨ ᠭᠡᠨ᠎ᠡ ᠃
ᠳᠡᠭᠡᠷ᠎ᠡ ᠦᠶ᠎ᠡ ᠡᠴᠡ ᠮᠣᠩᠭᠣᠯᠴᠤᠳ ᠳᠥᠷᠪᠡᠨ ᠨᠢᠳᠦᠲᠡᠢ ᠤᠯᠠᠭᠠᠨ ᠬᠠᠯᠲᠠᠷ ᠵᠢᠷᠦᠬᠡ ᠴᠠᠭᠠᠨ ᠬᠠᠷ᠎ᠠ ᠨᠣᠬᠠᠢ ᠶ᠋ᠢ ᠬᠡᠢ ᠮᠠᠢ ᠬᠠᠷᠠᠵᠤ ᠵᠠᠶ᠋ᠢᠯᠠᠭᠤᠯᠲᠠᠭ ᠭᠡᠵᠦ ᠲᠡᠵᠢᠭᠡᠳᠡᠭ ᠦ᠋ᠨ ᠤᠴᠢᠷ ᠡᠨᠡ ᠠᠵᠢ ᠃ ᠬᠠᠷᠢᠨ ᠠᠯᠠᠭ ᠨᠣᠬᠠᠢ ᠶ᠋ᠢ ᠬᠡᠢ ᠶᠠᠭᠤᠮ᠎ᠠ ᠳᠠᠭᠠᠭᠤᠯᠳᠠᠭ ᠵᠢᠰᠦ ᠮᠠᠭᠤᠲᠤ ᠭᠡᠵᠦ ᠦᠵᠡᠳᠡᠭ ᠪᠠᠶ᠋ᠢᠵᠠᠢ ᠃ ᠨᠣᠬᠠᠢ ᠡᠭᠦᠳᠡ ᠪᠡᠨ ᠳᠠᠷᠤᠵᠤ ᠬᠡᠪᠲᠡᠬᠦ ᠶ᠋ᠢ ᠭᠠᠷᠤᠵᠠ ᠭᠠᠷᠤᠯᠭ᠎ᠠ ᠶ᠋ᠢᠨ ᠡᠭᠦᠳᠡ ᠬᠠᠭᠠᠭᠰᠠᠨ ᠳ᠋ᠤ᠌ ᠲᠣᠭᠠᠴᠠᠵᠤ ᠰᠠᠢᠨ ᠭᠡᠵᠦ ᠪᠡᠯᠭᠡᠰᠢᠶᠡᠳᠡᠭ ᠶᠣᠰᠣᠨ ᠮᠣᠩᠭᠣᠯ ᠲᠤᠭᠤᠷᠭᠠᠲᠠᠨ ᠤ᠋ ᠳᠣᠲᠣᠷ᠎ᠠ ᠣᠳᠣ ᠴᠤ᠌ ᠪᠣᠢ ᠃

   ᠦᠰᠦᠭ ᠬᠠᠲᠠᠭᠰᠠᠨ ᠨᠢ ᠄  ᠮᠥᠩᠭᠦᠨᠴᠡᠴᠡᠭ
   ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ
   ᠬᠢᠨᠠᠭᠴᠢ ᠪᠠᠭᠰᠢ ᠄ ᠠᠵᠠᠵᠠᠶᠠᠭ᠎ᠠ