ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ- ᠦ · ᠪᠣᠷᠣᠭᠠᠨХэцүү л байна да энэ хорво-өө · бороон
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠦ · ᠪᠣᠷᠣᠭᠠᠨ
ᠠᠭᠤᠯᠠ ᠬᠠᠶ᠋ᠢᠷᠬᠠᠨ ᠨᠢ ᠬᠣᠵᠢᠭᠢᠷ ᠪᠣᠯᠵᠤ
ᠤᠰᠤ ᠮᠥᠷᠡᠨ ᠨᠢ ᠱᠠᠯᠪᠠᠭ ᠪᠣᠯᠵᠤ
ᠤᠷᠭᠤᠮᠠᠯ ᠠᠮᠢᠲᠠᠨ ᠨᠢ ᠴᠥᠭᠡᠨ ᠪᠣᠯᠵᠤ
ᠤᠨᠠᠭᠠᠨ ᠪᠠᠶ᠋ᠢᠭᠠᠯᠢ ᠨᠢ ᠡᠯᠡᠰᠦ
ᠪᠣᠯᠵᠤ
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠣᠶᠤᠨ ᠰᠠᠨᠠᠭ᠎ᠠ ᠬᠣᠭᠣᠰᠣᠨ
ᠪᠣᠯᠵᠤ
ᠤᠤᠭᠤᠳᠠᠭ ᠢᠳᠡᠳᠡᠭ ᠨᠢ ᠬᠣᠣᠷ ᠪᠣᠯᠵᠤ
ᠠᠭᠤᠷ ᠠᠮᠢᠰᠬᠤᠯ ᠨᠢ ᠪᠣᠬᠢᠷᠳᠠᠯ ᠪᠣᠯᠵᠤ
ᠤᠨᠤᠭᠰᠠᠨ ᠬᠦᠯᠦᠭ ᠨᠢ ᠲᠡᠮᠦᠷ
ᠪᠣᠯᠵᠤ
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠮᠠᠯ ᠠᠳᠤᠭᠤᠰᠤ ᠡᠷᠯᠢᠵᠡ
ᠪᠣᠯᠵᠤ
ᠮᠡᠷᠭᠡᠳ ᠳ᠋ᠣᠺᠲ᠋ᠣᠷ ᠨᠢ ᠲᠡᠨᠡᠭ ᠪᠣᠯᠵᠤ
ᠮᠠᠯᠴᠢᠨ ᠲᠠᠷᠢᠶᠠᠴᠢᠨ ᠶᠠᠳᠠᠭᠤ ᠪᠣᠯᠵᠤ
ᠮᠠᠷᠭᠤᠭᠠᠨ ᠵᠢᠭᠤᠷᠠᠭᠠᠨ ᠨᠢ ᠰᠢᠭᠤᠷᠭ᠎ᠠ ᠪᠣᠯᠵᠤ
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠲᠠᠯ᠎ᠠ ᠬᠠᠩᠭᠠᠢ ᠨᠢ ᠲᠣᠣᠷ ᠪᠣᠯᠵᠤ
ᠲᠠᠨ ᠤ᠋ ᠮᠠᠨ ᠤ᠋ ᠬᠡᠷᠡᠭᠦᠯ
ᠪᠣᠯᠵᠤ
ᠲᠠᠩᠰᠤᠭ ᠰᠠᠢᠬᠠᠨ ᠨᠢ ᠦᠭᠡᠢ
ᠪᠣᠯᠵᠤ
ᠲᠠᠪᠢᠯᠠᠩ ᠢᠷᠦᠭᠡᠯ ᠨᠢ ᠮᠥᠩᠭᠥ
ᠪᠣᠯᠵᠤ
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠮᠥᠰᠥ ᠴᠢᠨᠠᠷ ᠲᠠᠢ ᠨᠢ
ᠴᠥᠭᠡᠬᠡᠨ ᠪᠣᠯᠵᠤ
ᠮᠥᠩᠭᠥᠨ ᠦ᠌ ᠪᠣᠭᠣᠯ
ᠨᠢ ᠣᠯᠠᠨ ᠪᠣᠯᠵᠤ
ᠮᠡᠬᠡ ᠵᠠᠯᠢ ᠲᠠᠢ ᠨᠢ
ᠪᠠᠶᠠᠨ ᠪᠣᠯᠵᠤ
ᠮᠠᠯᠴᠢᠨ ᠰᠣᠶᠣᠯ ᠨᠢ ᠲᠡᠦᠬᠡ ᠪᠣᠯᠵᠤ
ᠬᠡᠴᠡᠭᠦᠦ ᠯᠡ ᠪᠠᠢᠨ᠎ᠠ ᠳᠠ ᠡᠨᠡ ᠬᠣᠷᠸ᠋᠎ᠠ
ᠬᠣᠵᠢᠮ ᠢᠷᠡᠭᠡᠳᠦᠢ ᠪᠡᠨ ᠰᠡᠳᠬᠢᠮᠡᠷ ᠪᠠᠢᠨ᠎ᠠ
ᠬᠣᠪᠳᠣᠭ ᠰᠢᠨᠤᠬᠠᠢ ᠪᠠᠨ ᠲᠠᠶᠠᠭᠳᠠᠮᠠᠷ ᠪᠠᠢᠨ᠎ᠠ
ᠬᠣᠷᠸ᠋᠎ᠠ ᠳᠡᠯᠡᠬᠡᠢ ᠪᠡᠨ ᠬᠠᠶ᠋ᠢᠷᠠᠯᠠᠮᠠᠷ ᠪᠠᠢᠨ᠎ᠠ
ᠬᠣᠶ᠋ᠢᠴᠢᠰ ᠦᠷ᠎ᠡ ᠪᠡᠨ ᠪᠣᠳᠣᠮᠠᠷ ᠪᠠᠢᠨ᠎ᠠ !
2023 ᠣᠨ ᠤ᠋4
ᠰᠠᠷ᠎ᠠ ᠶ᠋ᠢᠨ9 ᠡᠯᠡᠰᠦᠨ
ᠰᠢᠭᠤᠷᠭᠠᠨ ᠲᠠᠢ ᠡᠳᠦᠷ
ᠦᠰᠦᠭ ᠠᠮᠢᠯᠠᠭᠤᠯᠤᠭᠴᠢ ᠄ᠣᠤᠠᠬᠣᠨᠴᠡᠴᠡᠭ
ᠬᠢᠨᠠᠭᠴᠢ ᠄ ᠣᠤᠠᠬᠠᠨᠰᠣ ᠠ᠋
