ᠴᠢᠨᠦ ᠳᠤᠬᠠᠢ ᠪᠣᠳᠣᠯ – ᠲ ᠂ ᠭᠣᠮᠪᠣᠵᠠᠪ Чиний тухай бодол – Т ᠂ Гомбожав
ᠴᠢᠨᠦ ᠳᠤᠬᠠᠢ ᠪᠣᠳᠣᠯ
— ᠬᠣᠯᠠ ᠰᠠᠯᠤᠯᠴᠠᠬᠤ ᠨᠠᠢᠵᠢᠰ ᠳᠠᠭᠠᠨ
ᠴᠢ ᠪᠢᠲᠡ ᠰᠠᠯᠤᠯᠴᠠᠯᠠ
ᠴᠠᠭ ᠂ ᠮᠠᠨ ᠊ᠢ ᠡᠭᠦᠲᠡ ᠬᠦᠷᠲᠡᠯ᠎ᠡ ᠦᠲᠡᠭᠡᠳ
ᠴᠤᠪᠤᠭᠰᠠᠨ ᠭᠠᠯᠠᠭᠤᠨ ᠪ ᠳᠠᠭᠤ ᠪᠠ ᠰᠡᠭᠦᠲᠡᠷ ᠊ᠢ
ᠴᠡᠭᠡᠵᠢᠯᠡᠨ ᠬᠣᠴᠣᠷᠤᠯ᠎ᠠ ᠡ
ᠠᠩ ᠭᠠᠷᠤᠭᠰᠠᠨ ᠭᠠᠵᠠᠷ
ᠠᠯᠤᠰᠬᠠᠨ ᠰᠦᠮᠡᠯᠵᠡᠬᠦ ᠠᠭᠤᠯᠠᠰ
ᠠᠯᠢ ᠨᠢ ᠪᠢ ᠪᠢᠯᠡ ? ᠁
ᠠᠯᠢ ᠨᠢ ᠴᠢ ᠪᠢᠯᠡ ? ᠁
ᠴᠢ ᠪᠢᠲᠡ ᠰᠠᠯᠤᠯᠴᠠᠯᠠ
ᠴᠢᠨᠦ ᠲᠤᠬᠠᠢ ᠪᠣᠲᠣᠯ
ᠴᠢᠨᠦ ᠣᠷᠬᠢᠭᠠᠳ ᠶᠠᠪᠤᠭᠰᠠᠨ ᠡᠵᠡᠭᠦᠢ ᠶ᠋ᠢ
ᠴᠡᠩᠬᠡᠷᠯᠡᠭᠦᠯᠦᠨ ᠡᠵᠡᠯᠡᠯ᠎ᠡ ᠡ
ᠥᠨᠥᠲᠥᠷ ᠪᠢᠲᠡ ᠦᠷᠭᠦᠭᠰᠡᠨ ᠰᠢᠪᠠᠭᠤ
ᠥᠨᠥᠴᠢᠷᠡᠯ ᠦ᠋ᠨ ᠠᠶ᠎ᠠ ᠶ᠋ᠢ ᠬᠠᠮᠢᠬ᠋᠎ᠠ
ᠣᠴᠢᠵᠤ ᠬᠢᠩᠰᠢᠬᠦ ᠪᠡᠨ ᠮᠡᠲᠡᠬᠦ ᠦᠭᠡᠢ
ᠥᠩᠭᠡᠷᠡᠭᠰᠡᠨ ᠪ ᠲᠤᠬᠠᠢ ᠮᠥᠷᠥᠭᠡᠲᠦᠯ ᠡᠴᠡ ᠪᠢᠲᠡ
ᠥᠪᠡᠷ ᠦ᠋ᠨ ᠡᠷᠬᠡ ᠦᠭᠡᠢ ᠬᠡᠵᠢᠶ᠎ᠡ ᠬᠠᠮᠢᠬ᠋᠎ᠠ ᠮᠡᠯᠡᠷᠡᠬᠦ ᠪᠣᠯᠤᠨ᠎ᠠ ᠡ
ᠠᠢ ᠳ᠋ᠠ !
ᠠᠷᠬ᠋᠎ᠠ ᠪᠢᠯᠢᠭ᠌ ᠊ᠢ ᠴᠢᠲᠠᠯ ᠮᠡᠬᠦᠰᠲᠡᠭᠦᠯᠵᠦ ᠶᠠᠪᠤᠲᠠᠭ ᠣᠷᠣᠨ ᠵᠡᠢ ᠡ !
ᠲᠡᠷᠡ ᠦᠶ᠎ᠡ ᠳ᠋ᠦ᠍ ᠯᠡ ᠴᠢ ᠪᠢᠰᠢ
ᠴᠢᠨᠦ ᠲᠤᠬᠠᠢ ᠪᠣᠲᠣᠯ ᠰᠢᠦ
ᠴᠢᠮ᠎ᠠ ᠠ᠋ᠴᠠ ᠮᠢᠨᠢ ᠬᠣᠯᠠ ᠰᠠᠶ᠋ᠢᠬᠠᠨ
ᠴᠢᠨᠦ ᠲᠤᠬᠠᠢ ᠪᠣᠲᠣᠯ ᠯᠠ ᠰᠢᠦ !
ᠴᠡᠭᠡᠵᠢᠨ ᠳ᠋ᠦ᠍ ᠮᠢᠨᠢ ᠨᠢᠭᠡ ᠭᠡᠰᠡᠭ ᠴᠡᠩᠬᠡᠷᠬᠡᠨ ᠪᠤᠲᠠᠩ
ᠰᠠᠷᠨᠢᠬᠤ ᠪᠠᠷ ᠴᠤ᠌ ᠦᠭᠡᠢ ᠂ ᠠᠷᠢᠯᠬᠤ ᠪᠠᠷ ᠴᠤ᠌ ᠦᠭᠡᠢ ᠡ
ᠮᠢᠨᠦ ᠰᠠᠶ᠋ᠢᠨ ᠳ᠋ᠦ᠍ ᠰᠠᠨᠠᠭᠠᠳ ᠢᠨᠢᠶᠡᠯᠴᠡᠵᠦ ᠶᠠᠪᠤᠭᠰᠠᠨ
ᠮᠢᠨᠦ ᠮᠠᠭᠤ ᠳ᠋ᠦ᠍ ᠪᠤᠲᠤᠭᠠᠳ ᠱᠤᠭᠯᠠᠯᠴᠠᠵᠤ ᠶᠠᠪᠤᠭᠰᠠᠨ
ᠴᠢ ᠂ ᠴᠢ ᠂ ᠴᠢ ᠁
ᠴᠢ ᠨᠠᠷ ᠮᠢᠨᠢ ᠳ᠋ᠡ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭ᠍ᠴᠢ ᠄ ᠴᠣᠯᠮᠣᠬ᠍ᠲᠤᠶᠠᠭ᠎ᠠ ᠪᠠᠭ᠍ᠰᠢ
2023 ᠣᠨ ᠪ4 ᠰᠠᠷ᠎ᠠ ᠶ᠋ᠢᠨ 11
