ᠬᠣᠯᠪᠣᠭᠠᠯᠠᠨ ᠬᠣᠷᠰᠢᠵᠤ ᠮᠠᠯ ᠠᠵᠤ ᠠᠬᠤᠢ ᠪᠠᠨ ᠬᠥᠭᠵᠢᠭᠦᠯᠦᠶ᠎ᠡХолбоолон хоршиж мал аж ахуйгаа хөгжүүлье
ᠬᠣᠯᠪᠣᠭᠠᠯᠠᠨ ᠬᠣᠷᠰᠢᠵᠤ ᠮᠠᠯ ᠠᠵᠤ ᠠᠬᠤᠢ ᠪᠠᠨ ᠬᠥᠭᠵᠢᠭᠦᠯᠦᠶ᠎ᠡ
ᠵᠠ ᠂ ᠮᠠᠨ ᠤ᠋ ᠥᠷᠭᠡᠨ ᠣᠯᠠᠨ ᠮᠠᠯᠴᠢᠳ ᠰᠠᠶᠢᠨ ᠪᠠᠶ᠋ᠢᠵᠠᠭᠠᠵᠤ ᠪᠠᠶ᠋ᠢᠨ᠎ᠠ ᠤᠤ ⁈
ᠪᠢ ᠣᠳᠣ ᠡᠨᠡ ᠥᠪᠥᠷ ᠮᠣᠩᠭᠣᠯ ᠤ᠋ᠨ ᠮᠠᠯ ᠠᠵᠤ ᠠᠬᠤᠢ ᠶ᠋ᠢᠨ ᠲᠢᠩᠬᠢᠮ ᠡᠴᠡ ᠣᠳᠣ ᠡᠷᠬᠢᠯᠡᠵᠦ ᠶᠠᠪᠤᠭᠳᠠᠭᠤᠯᠤᠭᠰᠠᠨ ᠂ ᠬᠥᠳᠡᠭᠡ ᠲᠣᠰᠬᠣᠨ ᠤ᠋ ᠳᠠᠭᠠᠭᠤᠯᠤᠭᠴᠢ ᠬᠥᠮᠦᠨ ᠦ᠌ ᠣᠳᠣ ᠪᠣᠯᠪᠠᠰᠤᠷᠠᠯ ᠤ᠋ᠨ ᠠᠩᠭᠢ ᠳ᠋ᠤ᠌ ᠬᠦᠷᠴᠦ ᠢᠷᠡᠭᠡᠳ ᠪᠠᠶ᠋ᠢᠨ᠎ᠠ ᠃
ᠵᠧᠵᠢᠶᠠᠩ ᠮᠣᠵᠢ ᠶ᠋ᠢᠨ ᠬᠠᠩᠵᠧᠦ ᠬᠣᠲᠠ ᠳ᠋ᠤ᠌ ᠵᠧᠵᠢᠶᠠᠩ ᠶᠡᠬᠡ ᠰᠤᠷᠭᠠᠭᠤᠯᠢ ᠳ᠋ᠤ᠌ ᠣᠳᠣ ᠢᠷᠡᠵᠦ ᠰᠤᠷᠤᠯᠴᠠᠭᠠᠳ ᠪᠠᠰᠠ ᠨᠢᠭᠡ ᠠᠷᠪᠠᠭᠠᠳ ᠡᠳᠦᠷ ᠪᠣᠯᠵᠠᠢ ᠃ ᠥᠨᠥᠳᠥᠷ ᠪᠣᠯᠬᠤ ᠪᠠᠷ ᠪᠣᠯ ᠣᠳᠣ ᠡᠨᠡ ᠰᠤᠷᠭᠠᠭᠤᠯᠢ ᠠ᠋ᠴᠠ ᠵᠣᠬᠢᠶᠠᠨ ᠪᠠᠶ᠋ᠢᠭᠤᠯᠤᠭᠠᠳ ᠂ ᠬᠠᠩᠵᠧᠦ ᠬᠣᠲᠠ ᠶ᠋ᠢᠨ ᠣᠳᠣ ᠨᠢᠭᠡ ᠲᠣᠰᠬᠣᠨ ᠳ᠋ᠤ᠌ ᠢᠷᠡᠭᠡᠳ ᠣᠳᠣ ᠲᠣᠰᠬᠣᠨ ᠤ᠋ ᠲᠠᠷᠢᠶᠠᠯᠠᠩ ᠤ᠋ᠨ ᠠᠵᠤ ᠦᠢᠯᠡᠰ ᠊ᠢ ᠰᠤᠷᠤᠯᠴᠠᠬᠤ ᠪᠠᠷ ᠬᠦᠷᠴᠦ ᠢᠷᠡᠭᠡᠳ ᠪᠠᠶ᠋ᠢᠨ᠎ᠠ ᠃ ᠲᠡᠭᠡᠪᠡᠯ ᠣᠳᠣ ᠡᠨᠡ ᠲᠣᠰᠬᠣᠨ ᠤ᠋ ᠭᠠᠳᠠᠷ ᠳᠦᠷᠢ ᠲᠥᠷᠬᠦ ᠪᠠᠶ᠋ᠢᠲᠠᠯ ᠠ᠋ᠴᠠ ᠦᠵᠡᠪᠡᠯ ᠂ ᠣᠳᠣ ᠮᠢᠨᠦ ᠠᠷᠤ ᠳ᠋ᠤ᠌ ᠪᠠᠶ᠋ᠢᠨ᠎ᠠ ᠂ ᠡᠨᠡ ! ᠵᠧᠵᠢᠶᠠᠩ ᠤ᠋ᠨ ᠣᠳᠣ ᠮᠣᠵᠢ ᠶ᠋ᠢᠨ ᠲᠣᠰᠬᠣᠨ ᠤ᠋ ᠣᠳᠣ ᠲᠠᠷᠢᠶᠠᠴᠢᠳ ᠪᠦᠷ ᠣᠳᠣ ᠡᠶ᠋ᠢᠮᠦ ᠨᠢᠭᠡ ᠭᠡᠷ ᠲᠦ᠍ ᠠᠵᠤ ᠲᠥᠷᠥᠵᠦ ᠠᠮᠢᠳᠤᠷᠠᠵᠤ ᠪᠠᠶ᠋ᠢᠨ᠎ᠠ ᠃ ᠣᠳᠣ ᠠᠶ᠋ᠢᠯ ᠪᠣᠯᠭᠠᠨ ᠡᠶ᠋ᠢᠮᠦ ᠭᠤᠷᠪᠠ ᠳᠥᠷᠪᠡᠨ ᠳᠠᠪᠬᠤᠷ ᠂ ᠳᠥᠷᠪᠡ ᠲᠠᠪᠤᠨ ᠳᠠᠪᠬᠤᠷ ᠡᠶ᠋ᠢᠮᠦ ᠣᠳᠣ ᠠᠰᠠᠷ ᠲᠠᠢ ᠂ ᠨᠢᠭᠡ ᠠᠶ᠋ᠢᠯ ᠤ᠋ᠨ ᠣᠳᠣ ᠪᠠᠷᠤᠭ ᠲᠠᠪᠤ ᠵᠢᠷᠭᠤᠭᠠᠨ ᠵᠠᠭᠤᠨ ᠳᠠᠭᠱᠠ ᠳᠥᠷᠪᠡᠯᠵᠢᠨ ᠮᠧᠲ᠋ᠷ ᠮᠧᠲ᠋ᠷ ᠦ᠋ᠨ ᠣᠳᠣ ᠣᠷᠣᠨ ᠰᠠᠭᠤᠴᠠ ᠲᠠᠢ ᠂ ᠨᠢᠭᠡ ᠲᠠᠷᠢᠶᠠᠴᠢᠨ ᠤ᠋ ᠣᠳᠣ ᠰᠠᠭᠤᠵᠤ ᠪᠠᠶ᠋ᠢᠭ᠎ᠠ ᠣᠷᠣᠨ ᠰᠠᠭᠤᠴᠠ ᠨᠢ ᠣᠳᠣ ᠲᠠᠪᠤ ᠵᠢᠷᠭᠤᠭᠠᠨ ᠵᠠᠭᠤᠨ ᠳᠠᠭᠱᠠ ᠳᠥᠷᠪᠡᠯᠵᠢᠨ ᠮᠧᠲ᠋ᠷ ᠭᠡᠳᠡᠭ ᠴᠢᠨᠢ ᠪᠣᠯᠪᠠᠯ ᠂ ᠡᠨᠡ ᠭᠠᠵᠠᠷ ᠤ᠋ᠨ ᠲᠠᠷᠢᠶᠠᠴᠢᠳ ᠤ᠋ᠨ ᠠᠮᠢᠳᠤᠷᠠᠯ ᠪᠣᠯ ᠳᠡᠭᠡᠭᠰᠢᠯᠡᠵᠦ ᠰᠢᠦ ︕ ᠡᠷᠭᠢᠭᠡᠳ ᠴᠢᠨᠠᠭᠰᠢ ᠪᠠᠨ ᠶᠠᠷᠢᠬᠤ ᠶᠤᠮ ᠪᠣᠯ ᠣᠳᠣ ᠡᠨᠳᠡᠬᠢ ᠶ᠋ᠢᠨ ᠡᠨᠡ ᠲᠠᠷᠢᠶᠠᠴᠢᠳ ᠤ᠋ᠨ ᠡᠨᠡ ᠂ ᠲᠠᠷᠢᠶᠠᠯᠠᠩ ᠤ᠋ᠨ ᠡᠨᠡ ᠬᠥᠭᠵᠢᠭᠰᠡᠨ ᠂ ᠨᠢᠭᠡ ᠲᠣᠰᠬᠣᠨ ᠢ᠋ᠶ᠋ᠠᠷ ᠢ᠋ᠶ᠋ᠠᠨ ᠪᠦᠷ ᠬᠣᠯᠪᠣᠭᠠᠯᠠᠵᠤ ᠬᠣᠷᠰᠢᠴᠢᠬᠠᠭᠰᠠᠨ ᠂ ᠣᠳᠣ ᠲᠡᠶ᠋ᠢᠮᠦ ᠬᠡᠯᠪᠡᠷᠢ ᠶ᠋ᠢᠨ ᠣᠳᠣ ᠲᠠᠷᠢᠶᠠᠯᠠᠩ ᠤ᠋ᠨ ᠠᠵᠤ ᠦᠢᠯᠡᠰ ᠡᠷᠬᠢᠯᠡᠵᠦ ᠪᠠᠶ᠋ᠢᠨ᠎ᠠ ᠃ ᠡᠨᠳᠡᠬᠢ ᠶ᠋ᠢᠨ ᠣᠳᠣ ᠲᠠᠷᠢᠶᠠᠴᠢᠳ ᠤ᠋ᠨ ᠦᠵᠡᠯ ᠤᠬᠠᠮᠰᠠᠷ ᠴᠤ᠌ ᠭᠡᠰᠡᠨ ᠣᠳᠣ ᠲᠤᠶ᠋ᠢᠯ ᠤ᠋ᠨ ᠥᠨᠳᠥᠷ ᠂ ᠪᠣᠯᠪᠠᠰᠤᠨ ! ᠡᠶ᠋ᠢᠮᠦ ᠡᠴᠡ ᠪᠡᠨ ᠣᠳᠣ ᠮᠠᠨ ᠤ᠋ ᠥᠷᠭᠡᠨ ᠣᠯᠠᠨ ᠮᠠᠯᠴᠢᠳ ᠴᠤ᠌ ᠭᠡᠰᠡᠨ ᠦᠵᠡᠯ ᠤᠬᠠᠮᠰᠠᠷ ᠢ᠋ᠶ᠋ᠠᠨ ᠳᠡᠭᠡᠭᠰᠢᠯᠡᠭᠦᠯᠬᠦ ᠦᠭᠡᠢ ᠪᠣᠯᠬᠤ ᠦᠭᠡᠢ !
ᠮᠠᠨ ᠤ᠋ ᠥᠪᠥᠷ ᠮᠣᠩᠭᠣᠯ ᠤ᠋ᠨ ᠬᠣᠯᠪᠣᠭᠠᠲᠤ ᠮᠠᠯ ᠠᠵᠤ ᠠᠬᠤᠢ ᠶ᠋ᠢᠨ ᠬᠤᠪᠢ ᠳ᠋ᠤ᠌ ᠪᠣᠯ ᠣᠳᠣ ᠨᠢᠭᠡ ᠲᠣᠰᠬᠣᠨ ᠂ ᠨᠢᠭᠡ ᠭᠠᠴᠠᠭ᠎ᠠ ᠪᠢᠰᠢ ᠂ ᠪᠦᠬᠦ ᠬᠣᠰᠢᠭᠤ ᠪᠠᠷ ᠢ᠋ᠶ᠋ᠠᠨ ᠬᠣᠯᠪᠣᠭᠠᠯᠠᠵᠤ ᠬᠣᠷᠰᠢᠭᠰᠠᠨ ᠂ ᠮᠠᠨ ᠤ᠋ ᠥᠪᠥᠷ ᠮᠣᠩᠭᠣᠯ ᠤ᠋ᠨ ᠬᠣᠯᠪᠣᠭᠠᠲᠤ ᠮᠠᠯ ᠠᠵᠤ ᠠᠬᠤᠢ ᠶ᠋ᠢᠨ ᠥᠷᠭᠡᠨ ᠣᠯᠠᠨ ᠮᠠᠯᠴᠢᠳ ᠤ᠋ᠨ ᠶᠠᠪᠤᠵᠤ ᠪᠠᠶ᠋ᠢᠭ᠎ᠠ ᠵᠠᠮ ᠮᠥᠷ ᠪᠣᠯ ᠣᠳᠣ ᠲᠤᠶ᠋ᠢᠯ ᠤ᠋ᠨ ᠶᠡᠬᠡ ᠠᠮᠵᠢᠯᠲᠠ ᠶ᠋ᠢᠨ ᠵᠠᠮ ᠢ᠋ᠶ᠋ᠠᠷ ᠶᠠᠪᠤᠵᠤ ᠪᠠᠶ᠋ᠢᠨ᠎ᠠ ᠃ ᠡᠶ᠋ᠢᠮᠦ ᠡᠴᠡ ᠣᠳᠣ ᠪᠦᠭᠦᠳᠡᠭᠡᠷ ᠦᠷᠭᠦᠯᠵᠢᠯᠡᠨ ᠨᠡᠩ ᠥᠨᠳᠥᠷ ᠲᠦᠪᠰᠢᠨ ᠳ᠋ᠦ᠍ ᠬᠣᠯᠪᠣᠭᠠᠯᠠᠵᠤ ᠬᠣᠷᠰᠢᠬᠤ ᠪᠠᠷ ᠴᠢᠷᠮᠠᠶ᠋ᠢᠨᠠ ᠃ ᠮᠠᠨ ᠤ᠋ ᠮᠠᠯ ᠠᠵᠤ ᠠᠬᠤᠢ ᠯᠠᠪᠲᠠᠢ ᠬᠥᠭᠵᠢᠨ᠎ᠡ !
