ᠭᠠᠭᠴᠠᠬᠠᠨ ᠬᠠᠢᠷ᠎ᠠOne love-ᠰᠦᠬᠡ
ᠭᠠᠭᠴᠠᠬᠠᠨ ᠬᠠᠢᠷ᠎ᠠ
ᠦᠭᠡ ᠂ ᠠᠶ᠎ᠠ ᠄ ᠮ ᠂ ᠠᠷᠢᠭᠤᠨᠲᠤᠯᠬ᠋ᠠ
ᠢᠷᠦᠭᠡᠯᠴᠢ ᠰᠦᠬᠡ ᠳᠠᠭᠤᠯᠠᠨ᠎ᠠ
ᠨᠠᠮᠠᠶ᠋ᠢ ᠪᠠᠨ ᠲᠦᠰᠢᠭᠰᠡᠨ ᠳ᠋ᠦ᠍ ᠭᠢᠯᠠᠶ᠋ᠢᠯᠠ
ᠨᠠᠰᠤᠨ ᠤ᠋ ᠬᠠᠨᠢ ᠮᠢᠨᠢ ᠪᠣᠯᠤᠯ᠎ᠠ
ᠡᠷᠦᠬᠡᠨ ᠦ᠌ ᠮᠢᠨᠢ ᠣᠭᠣᠰᠣᠷ ᠊ᠢ ᠲᠠᠲᠠᠬᠤ ᠳ᠋ᠤ᠌ ᠴᠢᠨᠢ
ᠥᠯᠵᠡᠢ ᠪᠤᠶᠠᠨ ᠨᠢ ᠳᠡᠯᠭᠡᠷᠡᠪᠡᠢ
ᠭᠠᠭᠴᠠᠬᠠᠨ ᠨᠠᠰᠤᠨ ᠤ᠋ ᠬᠠᠶ᠋ᠢᠷ᠎ᠠ ᠮᠢᠨᠢ
ᠭᠠᠳᠠᠭ᠎ᠠ ᠬᠥᠳᠡᠭᠡ ᠦᠭᠡᠢ ᠪᠣᠳᠣᠭᠳᠠᠭᠠᠳ
ᠭᠠᠯᠪᠢᠷ ᠤ᠋ᠨ ᠴᠢᠨᠢ ᠰᠠᠢᠬᠠᠨ ᠢ᠋ᠶ᠋ᠠᠷ ᠭᠠᠩᠭᠠᠷᠠᠨ᠎ᠠ
ᠭᠠᠯ ᠢ᠋ᠶ᠋ᠠᠨ ᠪᠠᠳᠠᠷᠠᠭᠤᠵᠤ ᠠᠮᠢᠳᠤᠷᠠᠨ᠎ᠠ ᠠ᠋
ᠣᠷᠣᠯᠳᠣᠬᠤ ᠣᠯᠠᠨ ᠮᠣᠷᠢᠳ ᠲᠠᠢ
ᠪᠠᠷᠢᠯᠳᠤᠬᠤ ᠣᠯᠠᠨ ᠬᠦᠦ ᠲᠡᠢ
ᠵᠣᠷᠢᠭ ᠢ᠋ᠶ᠋ᠠᠷ ᠢ᠋ᠶ᠋ᠠᠨ ᠳᠠᠭᠠᠮᠠ ᠭᠠᠷᠴᠤ ᠠᠮᠢᠳᠤᠷᠠᠨ᠎ᠠ
ᠵᠣᠪᠬᠢ ᠨᠢ ᠥᠭᠡᠳᠡ ᠪᠡᠨ ᠱᠣᠪᠣᠯᠵᠠᠨᠠ ᠠ᠋
ᠭᠠᠭᠴᠠᠬᠠᠨ ᠨᠠᠰᠤᠨ ᠤ᠋ ᠬᠠᠶ᠋ᠢᠷ᠎ᠠ ᠮᠢᠨᠢ
ᠭᠠᠳᠠᠭ᠎ᠠ ᠬᠥᠳᠡᠭᠡ ᠦᠭᠡᠢ ᠪᠣᠳᠣᠭᠳᠠᠭᠠᠳ
ᠭᠠᠯᠪᠢᠷ ᠤ᠋ᠨ ᠴᠢᠨᠢ ᠰᠠᠢᠬᠠᠨ ᠢ᠋ᠶ᠋ᠠᠷ ᠭᠠᠩᠭᠠᠷᠠᠨ᠎ᠠ
ᠭᠠᠯ ᠢ᠋ᠶ᠋ᠠᠨ ᠪᠠᠳᠠᠷᠠᠭᠤᠵᠤ ᠠᠮᠢᠳᠤᠷᠠᠨ᠎ᠠ
ᠦᠷᠡᠰ ᠢ᠋ᠶ᠋ᠡᠨ ᠲᠣᠭᠣᠷᠢᠭᠤᠯᠵᠤ ᠪᠠᠶᠠᠷᠯᠠᠭᠠᠳ
ᠦᠭᠡᠢ ᠳᠤᠲᠠᠭᠤ ᠦᠭᠡᠢ ᠵᠢᠷᠭᠠᠨ᠎ᠠ ᠠ᠋
ᠪᠡᠯᠴᠢᠭᠡᠷ ᠲᠡᠭᠡᠨ ᠰᠦᠷᠦᠭ ᠢ᠋ᠶ᠋ᠡᠨ ᠨᠠᠯᠠᠶ᠋ᠢᠯᠭᠠᠭᠠᠳ
ᠪᠢᠯᠢᠭ ᠲᠠᠩᠬᠠᠢ ᠠᠮᠢᠳᠤᠷᠠᠨ᠎ᠠ ᠠ᠋
ᠭᠠᠭᠴᠠᠬᠠᠨ ᠨᠠᠰᠤᠨ ᠤ᠋ ᠬᠠᠶ᠋ᠢᠷ᠎ᠠ ᠮᠢᠨᠢ
ᠭᠠᠳᠠᠭ᠎ᠠ ᠬᠥᠳᠡᠭᠡ ᠦᠭᠡᠢ ᠪᠣᠳᠣᠭᠳᠠᠭᠠᠳ
ᠭᠠᠯᠪᠢᠷ ᠤ᠋ᠨ ᠴᠢᠨᠢ ᠰᠠᠢᠬᠠᠨ ᠢ᠋ᠶ᠋ᠠᠷ ᠭᠠᠩᠭᠠᠷᠠᠨ᠎ᠠ
ᠭᠠᠯ ᠢ᠋ᠶ᠋ᠠᠨ ᠪᠠᠳᠠᠷᠠᠭᠤᠵᠤ ᠠᠮᠢᠳᠤᠷᠠᠨ᠎ᠠ ᠠ᠋
ᠭᠠᠭᠴᠠᠬᠠᠨ ᠨᠠᠰᠤᠨ ᠤ᠋ ᠬᠠᠶ᠋ᠢᠷ᠎ᠠ ᠮᠢᠨᠢ
ᠭᠠᠳᠠᠭ᠎ᠠ ᠬᠥᠳᠡᠭᠡ ᠦᠭᠡᠢ ᠪᠣᠳᠣᠭᠳᠠᠭᠠᠳ
ᠭᠠᠯᠪᠢᠷ ᠤ᠋ᠨ ᠴᠢᠨᠢ ᠰᠠᠢᠬᠠᠨ ᠢ᠋ᠶ᠋ᠠᠷ ᠭᠠᠩᠭᠠᠷᠠᠨ᠎ᠠ
ᠭᠠᠯ ᠢ᠋ᠶ᠋ᠠᠨ ᠪᠠᠳᠠᠷᠠᠭᠤᠵᠤ ᠠᠮᠢᠳᠤᠷᠠᠨ᠎ᠠ ᠠ᠋ ᠃
ᠦᠰᠦᠭ ᠬᠠᠲᠠᠭᠰᠠᠨ ᠨᠢ ᠄ ᠨᠡᠷᠡᠨ᠎ᠡ
ᠦᠰᠦᠭ ᠠᠮᠢᠯᠠᠭᠤᠯᠤᠭᠰᠠᠨ ᠨᠢ ᠄ ᠨᠡᠷᠡᠨ᠎ᠡ
ᠬᠢᠨᠠᠭᠴᠢ ᠄ ᠣᠤᠠᠬᠠᠨᠰᠣ᠎ᠠ ᠂ᠮᠥᠩᠭᠦᠨᠴᠡᠴᠡᠭ
