ᠨᠡᠪᠴᠢᠮ᠎ᠡ- ᠨᠡᠪᠴᠢᠮ᠎ᠡНэвчим-нэвчим
ᠨᠡᠪᠴᠢᠮ᠎ᠡ
ᠦᠭᠡ ᠄ ᠨ ᠂ ᠰᠠᠢᠨᠴᠣᠭᠲᠣ
ᠠᠶ᠎ᠠ ᠄ ᠰ ᠂ ᠡᠯᠳᠡᠩᠭᠡ
ᠳᠠᠭᠤᠴᠢᠨ ᠄ ᠨᠡᠪᠴᠢᠮ᠎ᠡ
ᠵᠠᠮᠪᠠᠭᠠᠨ ᠨᠠᠪᠴᠢ ᠲᠠᠢ ᠪᠠᠳᠮ᠎ᠠ
ᠯᠢᠩᠬᠤ᠎ᠠ ᠨᠢ ᠬᠥ
ᠵᠠᠮᠠᠭᠲᠤ ᠨᠠᠭᠤᠷ ᠤ᠋ᠨ ᠴᠢᠮᠡᠭ ᠶᠦ᠍ᠮ ᠠ᠋ ᠬᠥ
ᠵᠠᠩ ᠢ᠋ᠶ᠋ᠠᠷ ᠢ᠋ᠶ᠋ᠠᠨ ᠡᠶᠡᠯᠳᠡᠭ ᠨᠡᠪᠴᠢᠮ᠎ᠡ ᠬᠡᠦᠬᠡᠨ
ᠵᠠᠯᠠᠭᠤ ᠵᠢᠷᠦᠬᠡᠨ ᠦ᠌ ᠮᠢᠨᠢ ᠣᠳᠣ ᠰᠢᠦ ᠳᠡ ᠬᠥ
ᠠᠭᠤᠯᠠᠨ ᠳ᠋ᠤ᠌ ᠪᠠᠨ
ᠤᠷᠭᠤᠭᠰᠠᠨ ᠤᠯᠠᠭᠠᠨ ᠰᠠᠷᠠᠨ᠎ᠠ ᠨᠢ ᠬᠥ
ᠤᠯᠠᠭᠠᠨ ᠤ᠋ ᠪᠠᠨ ᠳᠣᠲᠣᠷ᠎ᠠ ᠪᠠᠨ ᠤᠯᠠᠭᠠᠨ ᠶᠤᠮ ᠠ᠋ ᠬᠥ
ᠤᠯᠤᠰ ᠭᠦᠷᠦᠨ ᠳ᠋ᠦ᠍ ᠪᠡᠨ ᠵᠢᠳᠬᠦᠯ ᠲᠡᠢ ᠨᠡᠪᠴᠢᠮ᠎ᠡ
ᠤᠷᠤᠯᠳᠤᠭᠠᠨ
ᠪᠦᠬᠦᠨ ᠳ᠋ᠡᠭᠡᠨ ᠲᠤᠭᠴᠢ ᠰᠢᠦ ᠳᠡ ᠬᠥ
ᠨᠡᠢᠲᠡ ᠶ᠋ᠢᠨ ᠢ᠋ᠶ᠋ᠡᠨ ᠠᠵᠢᠯ ᠳ᠋ᠤ᠌ ᠪᠠᠨ
ᠱᠤᠩᠭᠤᠨ ᠣᠷᠣᠢᠯᠠᠭᠠᠳ
ᠨᠡᠷ᠎ᠡ ᠨᠢ ᠭᠠᠷᠤᠭᠰᠠᠨ ᠨᠡᠪᠴᠢᠮ᠎ᠡ ᠬᠥ
ᠨᠢᠭᠡᠳᠦᠯ ᠦ᠋ᠨ ᠢ᠋ᠶ᠋ᠡᠨ ᠭᠡᠰᠢᠭᠦᠳ ᠦ᠋ᠨ ᠬᠠᠢᠷ᠎ᠠ ᠶ᠋ᠢ ᠣᠯᠤᠭᠰᠠᠨ
ᠨᠡᠢᠭᠡᠮ ᠵᠢᠷᠤᠮ ᠤ᠋ᠨ
ᠪᠠᠭᠠᠲᠤᠷ ᠰᠢᠦ ᠬᠥ
ᠨᠠᠭᠠᠳᠤᠯᠳᠤᠨ ᠥᠰᠦᠭᠰᠡᠨ
ᠴᠢ ᠪᠢᠳᠡᠨ ᠬᠣᠶᠠᠷ ᠢ᠋
ᠨᠠᠮ ᠮᠢᠨᠢ ᠪᠠᠭᠠᠲᠤᠷ ᠪᠤᠯᠭᠠᠨᠰᠠᠨ ᠶᠤᠮ ᠠ᠋ ᠬᠥ
ᠨᠠᠰᠤᠨ ᠤ᠋ ᠪᠠᠨ ᠵᠠᠯᠠᠭᠤ ᠳ᠋ᠤ᠌ ᠭᠢᠯᠠᠯᠵᠠᠲᠠᠯ᠎ᠠ ᠠᠵᠢᠯᠯᠠᠭᠠᠳ
ᠨᠠᠨᠳᠢᠨ ᠦᠢᠯᠡᠰ ᠲᠦ᠍ ᠪᠡᠨ ᠵᠢᠳᠬᠦᠶ᠎ᠡ ᠬᠥ
ᠨᠠᠰᠤᠨ ᠤ᠋ ᠪᠠᠨ ᠵᠠᠯᠠᠭᠤ ᠳ᠋ᠤ᠌ ᠭᠢᠯᠠᠯᠵᠠᠲᠠᠯ᠎ᠠ ᠠᠵᠢᠯᠯᠠᠭᠠᠳ
ᠨᠠᠨᠳᠢᠨ ᠦᠢᠯᠡᠰ ᠲᠦ᠍ ᠪᠡᠨ ᠵᠢᠳᠬᠦᠶ᠎ᠡ ᠬᠥ
ᠦᠰᠦᠭ ᠠᠮᠢᠯᠠᠭᠤᠯᠤᠭᠴᠢ᠄ ᠣᠳᠬᠣᠨᠴᠡᠴᠡᠭ
ᠬᠢᠨᠠᠭᠴᠢ᠄ ᠠ᠊᠂ ᠰᠠᠷᠠᠩᠭᠡᠷᠡᠯ᠂ ᠠᠯᠲᠠᠨ ᠠᠭᠤᠯᠠ
ᠦᠰᠦᠭ ᠬᠠᠲᠠᠭᠴᠢ᠄ ᠣᠳᠬᠣᠨᠴᠡᠴᠡᠭ
