ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –11 Монгол оньсгын түүвэр –Хоёрдугаар бүлэг– 11 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –11 Монгол оньсгын түүвэр –Хоёрдугаар бүлэг– 11

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –11 Монгол оньсгын түүвэр –Хоёрдугаар бүлэг– 11

ᠠᠩᠭᠢᠯᠠᠯ:ᠣᠨᠢᠰᠤᠭ᠎ᠠ
2023-04-11

1066

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠦᠳᠦᠲᠦ ᠰᠤᠳᠤᠲᠤ ᠵᠢᠭᠦᠷᠲᠡᠨ ᠤ ᠵᠦᠢᠯ


 ᠬᠣᠶ᠋ᠢᠨ᠎ᠠ ᠠ᠋ᠴᠠ ᠢᠷᠡᠭᠰᠡᠨ ᠬᠣᠪᠳᠣᠭ ᠨᠣᠶᠠᠨ
 ᠬᠣᠶᠠᠷ ᠬᠦᠯ ᠨᠢ ᠵᠢᠷᠣᠭ᠎ᠠ ᠨᠣᠶᠠᠨ 
 ᠰᠡᠭᠦᠯ ᠳᠡᠭᠡᠷ᠎ᠡ ᠎ᠪᠡᠨ ᠨᠣᠭᠣᠭᠠᠨ ᠨᠣᠶᠠᠨ
 ᠰᠡᠭᠦᠵᠢᠨ ᠳᠡᠭᠡᠷ᠎ᠡ ᠎ᠪᠡᠨ ᠴᠠᠭᠠᠨ ᠨᠣᠶᠠᠨ
            ( ᠱᠠᠭᠠᠵᠠᠭᠠᠢ )

 ᠠᠯᠠᠭ ᠮᠣᠷᠢ
 ᠤᠨᠤᠰᠢ ᠦᠭᠡᠢ
            ( ᠱᠠᠭᠠᠵᠠᠭᠠᠢ )

 ᠬᠦ᠋ ᠎ᠡᠴᠡ ᠬᠠᠷ᠎ᠠ
 ᠬᠥᠪᠥᠩ  ᠎ᠡᠴᠡ  ᠴᠠᠭᠠᠨ
 ᠲᠠᠤᠯᠠᠢ ᠠ᠋ᠴᠠ ᠪᠠᠭ᠎ᠠ
 ᠲᠡᠮᠡᠭᠡ ᠎ᠡᠴᠡ ᠦᠨᠳᠦᠷ
          ( ᠱᠠᠭᠠᠵᠠᠭᠠᠢ )

 ᠵᠡᠭᠦᠨᠲᠡᠢ ᠎ᠡᠴᠡ ᠢᠷᠡᠭᠰᠡᠨ
 ᠵᠢᠭᠦᠷᠲᠡᠢ ᠠᠯᠠᠭ
 ᠪᠠᠷᠠᠭᠤᠨᠲᠠᠢ ᠠ᠋ᠴᠠ ᠢᠷᠡᠭᠰᠡᠨ
 ᠪᠠᠷᠬᠢᠷᠠᠭ᠎ᠠ ᠠᠯᠠᠭ
 ᠬᠣᠶ᠋ᠢᠨ᠎ᠠ ᠠ᠋ᠴᠠ ᠢᠷᠡᠭᠰᠡᠨ ᠬᠣᠪᠳᠣᠭ ᠠᠯᠠᠭ
 ᠡᠮᠦᠨ᠎ᠡ ᠎ᠡᠴᠡ ᠢᠷᠡᠭᠰᠡᠨ ᠥᠩᠭᠡᠯᠵᠡᠭᠦᠷ ᠠᠯᠠᠭ
            ( ᠱᠠᠭᠠᠵᠠᠭᠠᠢ )

 ᠠᠯᠠᠭ ᠡᠷᠢᠶᠡᠨ ᠪᠡᠶ᠎ᠡ ᠎ᠲᠡᠢ
 ᠠᠯᠲᠠᠨ ᠤᠷᠤᠭ ᠰᠢᠷᠡᠭᠡ ᠎ᠲᠡᠢ
           ( ᠱᠠᠭᠠᠵᠠᠭᠠᠢ )

 ᠳᠠᠪ ᠳᠠᠪ ᠭᠦᠶᠦᠳᠡᠯ ᠎ᠲᠡᠢ
 ᠳᠡᠭᠡ ‍ᠶ᠋ᠢᠨ ᠰᠠᠭᠠᠷᠢᠨ ᠭᠤᠲᠤᠯ ᠎ᠲᠠᠢ
 ᠠᠯᠠᠭ ᠪᠤᠯᠠᠭ ᠳᠡᠪᠡᠯ ᠎ᠲᠡᠢ
 ᠠᠯᠲᠠᠨ ᠤᠷᠭ᠎ᠠ ᠎ᠪᠠᠨ ᠴᠢᠷᠦᠭᠡ ᠎ᠲᠡᠢ
            ( ᠱᠠᠭᠠᠵᠠᠭᠠᠢ )

 ᠨᠠᠮ ᠨᠠᠮ ᠶᠠᠪᠤᠳᠠᠯ ᠎ᠲᠠᠢ
 ᠨᠠᠪᠴᠢᠨ ᠲᠣᠷᠭᠠᠨ ᠳᠡᠪᠡᠯ ᠎ᠲᠡᠢ
 ᠰᠡᠪ ᠰᠡᠪ ᠶᠠᠪᠤᠳᠠᠯ ᠎ᠲᠠᠢ
 ᠰᠡᠪᠢᠭᠢᠨ ᠰᠠᠭᠠᠷᠢ ‍ᠶ᠋ᠢᠨ ᠭᠤᠲᠤᠯ ᠎ᠲᠠᠢ
             ( ᠱᠠᠭᠠᠵᠠᠭᠠᠢ )

 ᠨᠠᠮ ᠨᠠᠮ ᠭᠦᠶᠦᠳᠡᠯ ᠎ᠲᠡᠢ
 ᠨᠠᠪᠴᠢᠨ ᠲᠣᠷᠭᠠᠨ ᠳᠡᠪᠡᠯ ᠎ᠲᠡᠢ 
 ᠰᠥᠩ ᠰᠥᠩ ᠭᠦᠶᠦᠳᠡᠯ ᠎ᠲᠡᠢ
 ᠰᠤᠬᠠᠢ ᠪᠦᠷᠢᠶ᠎ᠡ ᠲᠠᠰᠢᠭᠤᠷ ᠎ᠲᠠᠢ
           ( ᠱᠠᠭᠠᠵᠠᠭᠠᠢ )

 ᠬᠠᠳᠠᠨ ᠳᠡᠭᠡᠷ᠎ᠡ ᠬᠠᠭᠳᠠ ᠡᠷᠢᠶᠡᠨ
 ᠬᠠᠷ᠎ᠠ ᠠᠯᠠᠭ ᠳᠡᠭᠳᠡ ᠡᠷᠢᠶᠡᠨ
 ᠨᠤᠲᠤᠭ ᠳᠡᠭᠡᠷ᠎ᠡ ᠨᠣᠭᠲᠠ ᠡᠷᠢᠶᠡᠨ 
 ᠨᠢᠷᠤᠭᠤ ᠴᠠᠭᠠᠨ ᠳᠡᠭᠳᠡ ᠡᠷᠢᠶᠡᠨ
            ( ᠱᠠᠭᠠᠵᠠᠭᠠᠢ )

 ᠭᠠᠤᠯᠢᠨ ᠭᠠᠨᠳᠠᠩ ᠪᠦᠷᠢᠶ᠎ᠡ ᠎ᠲᠡᠢ
 ᠭᠤᠷᠪᠠᠨ ᠰᠠᠷ᠎ᠠ ‍ᠶ᠋ᠢᠨ ᠬᠤᠷᠠᠯ ᠎ᠲᠠᠢ
 ᠡᠷᠢᠶᠡᠨ ‍ᠢᠶ᠋ᠡᠷ ‍ᠢᠶ᠋ᠡᠨ ᠮᠣᠭᠠᠢ ᠰᠢᠬ
 ᠡᠪᠡᠷ ᠎ᠲᠡᠢ ᠎ᠪᠠᠷ ‍ᠢᠶ᠋ᠠᠨ ᠪᠤᠭᠤ ᠰᠢᠬ
         ( ᠥᠪᠥᠭᠡᠯᠵᠢ )

 ᠪᠤᠤᠷ᠎ᠠ  ᠰᠢᠭ᠋ ᠵᠣᠭᠳᠣᠷ ᠎ᠲᠠᠢ
 ᠪᠤᠬ᠎ᠠ  ᠰᠢᠭ᠋ ᠡᠪᠡᠷ ᠎ᠲᠡᠢ
 ᠪᠠᠷᠰ ᠰᠢᠭ᠋ ᠡᠷᠢᠶᠡᠨ
 ᠪᠠᠭᠰᠢ  ᠰᠢᠭ᠋ ᠨᠣᠮᠴᠢ
           ( ᠥᠪᠥᠭᠡᠯᠵᠢ )

 ᠪᠠᠷᠠᠭᠤᠨ ᠭᠠᠵᠠᠷ ᠠ᠋ᠴᠠ ᠢᠷᠡᠭᠰᠡᠨ ᠰᠢᠭ᠌ 
 ᠪᠠᠨᠴᠢᠨ  ᠱᠣᠪᠣᠭᠣᠷ ᠮᠠᠯᠠᠭ᠎ᠠ ᠎ᠲᠠᠢ
 ᠬᠡᠢ ᠬᠣᠶᠠᠷ ᠳᠡᠪᠢᠭᠦᠷ ᠎ᠲᠡᠢ
 ᠬᠡᠪᠢᠰ  ‍ᠦᠨ ᠬᠣᠶᠠᠷ ᠬᠦᠯᠢᠮ ᠎ᠲᠡᠢ
               (  ᠥᠪᠥᠭᠡᠯᠵᠢ)

 ᠠᠶ᠋ᠢᠮᠠᠭ ‍ᠢᠶ᠋ᠠᠷ ‍ᠢᠶ᠋ᠠᠨ ᠪᠣᠷᠣ
 ᠠᠵᠢᠷᠭ᠎ᠠ ᠎ᠪᠠᠷ ‍ᠢᠶ᠋ᠠᠨ ᠵᠢᠷᠣᠭ᠎ᠠ
            ( ᠢᠲᠠᠭᠤ )

 ᠬᠥᠭᠡᠷᠦᠭᠦᠨ ᠪᠦᠯᠲᠡᠭᠡᠷ
 ᠬᠥᠳᠡᠭᠡ ‍ᠶ᠋ᠢᠨ  ᠴᠢᠳᠬᠦᠷ
 ᠪᠦᠭᠦᠳᠡᠭᠡᠷ ‍ᠢᠶ᠋ᠡᠨ ᠵᠢᠷᠣᠭ᠎ᠠ
 ᠰᠦᠷᠦᠭ ‍ᠢᠶ᠋ᠡᠷ ‍ᠢᠶ᠋ᠡᠨ ᠣᠷᠣᠭ᠎ᠠ
                  ( ᠢᠲᠠᠭᠤ )

 ᠭᠤᠤ ᠭᠤᠤ ᠎ᠪᠠᠷ ᠭᠦᠶᠦᠳᠡᠭ
 ᠭᠤᠷᠢᠶᠠᠩᠬᠠᠢ ᠬᠡᠯᠡ ᠎ᠪᠡᠷ ᠶᠠᠷᠢᠯᠴᠠᠳᠠᠭ
 ᠬᠢᠷ᠎ᠠ ᠬᠢᠷ᠎ᠠ ᠎ᠪᠠᠷ ᠭᠦᠶᠦᠳᠡᠭ
 ᠬᠢᠲᠠᠳ ᠮᠣᠩᠭᠣᠯ ‍ᠢᠶ᠋ᠠᠷ ᠶᠠᠷᠢᠳᠠᠭ
               ( ᠢᠲᠠᠭᠤ )

 ᠤᠳᠤᠮ ‍ᠢᠶ᠋ᠠᠷ ‍ᠢᠶ᠋ᠠᠨ ᠵᠢᠷᠣᠭ᠎ᠠ
 ᠤᠨᠠᠭ᠎ᠠ ᠎ᠪᠠᠷ ‍ᠢᠶ᠋ᠠᠨ ᠣᠷᠣᠭ᠎ᠠ
               ( ᠢᠲᠠᠭᠤ )

 ᠤᠯᠠᠭᠠᠨ ᠲᠣᠷᠭᠠᠨ ᠮᠠᠯᠠᠭ᠎ᠠ ᠎ᠲᠠᠢ
 ᠤᠭᠤᠴᠠᠨ ᠳᠡᠭᠡᠷ᠎ᠡ ᠎ᠪᠡᠨ ᠰᠠᠵᠢᠯᠠᠭ᠎ᠠ ᠎ᠲᠠᠢ
 ᠴᠠᠭᠠᠨ ᠬᠢᠯᠢᠩ ᠬᠤᠪᠴᠠᠰᠤ ᠎ᠲᠠᠢ
 ᠴᠠᠰᠢ ᠨᠡᠰᠢ ᠨᠠᠬᠢᠯᠵᠠᠳᠠᠭ
               ( ᠭᠠᠯᠠᠭᠤ )

 ᠬᠥᠷ ᠬᠦᠷ ᠳᠠᠭᠤ ᠎ᠲᠠᠢ
 ᠬᠦᠷᠡᠩ ᠤᠯᠠᠭᠠᠨ ᠴᠢᠷᠠᠢ ᠎ᠲᠠᠢ 
             ( ᠭᠠᠯᠠᠭᠤ )
 
 ᠱᠠᠨᠳᠦ᠋ᠩ ‍ᠦᠨ ᠬᠡᠥᠬᠡᠨ
 ᠱᠠᠯᠠᠢ ᠪᠠᠯᠠᠢ ᠬᠡᠯᠡ ᠎ᠲᠡᠢ
 ᠰᠢᠷ᠎ᠠ ᠲᠣᠷᠭᠠᠨ ᠡᠯᠢᠭᠡᠪᠴᠢ ᠎ᠲᠡᠢ
 ᠰᠢᠪᠠᠷ ᠨᠤᠬᠤᠬᠤ ᠴᠢᠳᠠᠯ ᠎ᠲᠠᠢ
              ( ᠬᠠᠷᠢᠶᠠᠴᠠᠢ )

 ᠬᠠᠷ᠎ᠠ ᠲᠣᠷᠭᠠᠨ ᠲᠡᠷᠯᠢᠭ ᠎ᠲᠡᠢ
 ᠬᠠᠶ᠋ᠢᠴᠢᠨ ᠬᠣᠶᠠᠷ ᠵᠢᠭᠦᠷ ᠎ᠲᠡᠢ
 ᠬᠠᠯᠠᠭᠤᠨ ᠬᠥᠢᠲᠡᠨ ‍ᠳᠦ ᠨᠡᠭᠦᠳᠡᠯ ᠎ᠲᠡᠢ
 ᠬᠠᠯᠢᠵᠤ ᠳᠠᠭᠠᠷᠢᠬᠤ ᠡᠷᠳᠡᠮ ᠎ᠲᠡᠢ
                ( ᠬᠠᠷᠢᠶᠠᠴᠠᠢ )

 ᠥᠭᠡᠳᠡᠩ ᠬᠠᠷ᠎ᠠ ᠥᠳᠥ ᠎ᠲᠡᠢ 
 ᠦᠵᠦᠭᠦᠷ ᠰᠠᠯᠠᠭ᠎ᠠ ᠰᠡᠭᠦᠯ ᠎ᠲᠡᠢ
 ᠡᠪᠡᠰᠦ ᠰᠢᠪᠠᠷ ‍ᠤᠨ ᠡᠭᠦᠷ ᠲᠡᠢ
 ᠥᠳᠥ ᠬᠣᠷᠣᠬᠠᠢ ‍ᠶ᠋ᠢᠨ ᠢᠳᠡᠰᠢ ᠎ᠲᠡᠢ
                ( ᠬᠠᠷᠢᠶᠠᠴᠠᠢ )

 ᠮᠠᠯᠠᠭ᠎ᠠ ‍ᠶ᠋ᠢᠨ ᠴᠢᠨᠡᠭᠡ ᠪᠡᠶ᠎ᠡ ᠎ᠲᠡᠢ
 ᠮᠠᠷᠢᠶ᠎ᠠ ᠽᠠᠨᠳᠠᠨ ᠳᠠᠭᠤ ᠎ᠲᠠᠢ
             ( ᠬᠦᠬᠦᠭᠡ )

 ᠰᠥᠨᠢ ᠰᠥᠨᠢ ᠳᠠᠭᠤ ᠎ᠲᠠᠢ
 ᠰᠦᠬᠡ ‍ᠶ᠋ᠢᠨ ᠴᠢᠨᠡᠭᠡ ᠪᠡᠶ᠎ᠡ ᠎ᠲᠡᠢ
              ( ᠬᠦᠬᠦᠭᠡ )

 ᠡᠪᠡᠷ ᠡᠷᠢᠶᠡᠨ
 ᠡᠯᠢᠭᠡ ᠨᠣᠭᠣᠭᠠᠨ
 ᠬᠥᠯ ᠵᠢᠷᠣᠭᠠᠬᠠᠨ
 ᠬᠦᠵᠦᠭᠦᠦ ᠴᠠᠭᠠᠬᠠᠨ
                 ( ᠬᠦᠬᠦᠭᠡ )

 ᠪᠤᠳᠠᠨ ᠪᠤᠮᠪᠠᠨ ᠲᠣᠯᠣᠭᠠᠢ ᠎ᠲᠠᠢ
 ᠪᠤᠷᠤᠭᠤ ᠰᠡᠭᠦᠲᠡᠷ ᠨᠤᠲᠤᠭ ᠲᠠᠢ
 ᠪᠤᠷᠬᠠᠨ ᠪᠠᠭᠰᠢ ᠶ᠋ᠢᠨ ᠰᠠᠭᠤᠲᠠᠯ ᠲᠠᠢ
 ᠲᠩᠷᠢ ᠶ᠋ᠢᠨ ᠴᠣᠯᠮᠣᠨ ᠨᠢᠲᠦ ᠲᠡᠢ
 ᠲᠡᠮᠡᠭᠡᠨ ᠬᠠᠯᠢᠭᠤᠨ ᠵᠢᠰᠦ ᠲᠡᠢ
       ( ᠰᠢᠷ᠎ᠠ ᠰᠢᠪᠠᠭᠤ )

 ᠭᠦᠩ ᠭᠦᠩ ᠳᠠᠭᠤ ᠲᠠᠢ
 ᠬᠦᠷᠡᠩ  ᠡᠷᠢᠶᠡᠨ ᠵᠠᠯᠠᠬ᠋᠎ᠠ ᠲᠠᠢ
 ᠳᠠᠯᠠᠢ ᠵᠠᠩᠬᠢ ᠶ᠋ᠢᠨ ᠰᠤᠮᠤᠨ  ᠳ᠋ᠦ᠍
 ᠳᠠᠨᠽᠠᠨ ᠮᠡᠶ᠋ᠢᠷᠡᠨ ᠪ ᠬᠤᠰᠢᠭᠤᠨ  ᠳ᠋ᠦ᠍
         ( ᠰᠢᠷ᠎ᠠ ᠰᠢᠪᠠᠭᠤ )

 ᠪᠦᠲᠦᠭᠦᠨ ᠶᠡᠬᠡ ᠳᠠᠭᠤ ᠲᠠᠢ
 ᠪᠣᠷᠣ ᠡᠷᠢᠶᠡᠨ ᠳᠡᠪᠡᠯ ᠲᠡᠢ
 ᠬᠠᠷᠠᠩᠭᠤᠢ ᠰᠥᠨᠢ ᠠᠵᠢᠯ ᠲᠠᠢ
 ᠬᠠᠵᠠᠭᠤ  ᠳ᠋ᠦ᠍ ᠰᠠᠭᠤᠬᠤ ᠳᠤᠷ᠎ᠠ ᠲᠠᠢ
       ( ᠰᠢᠷ᠎ᠠ ᠰᠢᠪᠠᠭᠤ )

 ᠪᠠᠯᠲᠠᠨ ᠲᠠᠶ᠋ᠢᠵᠢ ᠶ᠋ᠢᠨ ᠬᠥᠪᠡᠭᠦᠨ
 ᠪᠠᠷᠠᠭᠠᠨ ᠡᠷᠢᠶᠡᠨ  ᠬᠦᠷᠮ᠎ᠡ ᠲᠡᠢ
 ᠬᠡᠢ  ᠬᠣᠶᠠᠷ ᠬᠥᠯ ᠲᠡᠢ 
 ᠬᠢᠮᠡᠯ ᠬᠣᠶᠠᠷ ᠤᠲᠤᠬ᠋᠎ᠠ ᠲᠠᠢ
 ᠣᠰᠤᠨ ᠰᠠᠶ᠋ᠢᠪᠤᠷ ᠭᠦᠶᠦᠲᠡᠯ ᠲᠡᠢ
 ᠤᠯᠠᠭᠠᠨ ᠽᠠᠨᠲᠠᠨ ᠪᠦᠷᠢᠶ᠎ᠡ ᠲᠡᠢ
       ( ᠤᠯᠠᠭᠠᠨ  ᠬᠣᠰᠢᠭᠤᠲᠤ ᠰᠢᠪᠠᠭᠤ )

 ᠬᠠᠷ᠎ᠠ ᠬᠦᠬᠦᠷ
 ᠤᠯᠠᠭᠠᠨ ᠬᠠᠯᠢᠪ ( ᠪᠦᠷᠬᠦᠭᠡᠰᠦ ) ᠲᠡᠢ
       ( ᠤᠯᠠᠭᠠᠨ ᠬᠣᠰᠢᠭᠤᠲᠤ ᠰᠢᠪᠠᠭᠤ )

 ᠬᠠᠷ᠎ᠠ ᠳᠠᠩᠬᠤ
 ᠤᠯᠠᠭᠠᠨ ᠪᠥᠭᠯᠡᠭᠡ ᠲᠡᠢ
     ( ᠤᠯᠠᠭᠠᠨ ᠬᠣᠰᠢᠭᠤᠲᠤ ᠰᠢᠪᠠᠭᠤ )

 ᠬᠠᠲᠠᠨ ᠠᠷᠤ ᠶ᠋ᠢᠨ ᠬᠠᠷ᠎ᠠ ᠦᠬᠡᠷ
 ᠬᠠᠪᠲᠠᠭᠠᠢ ᠡᠪᠡᠷ ᠶ᠋ᠢᠡᠷ ᠶ᠋ᠢᠡᠨ ᠤᠰᠤ ᠤᠤᠭᠤᠨ᠎ᠠ
          ( ᠬᠡᠷᠢᠶ᠎ᠡ )

 ᠥᠨᠲᠥᠷ ᠮᠣᠲᠣ ᠬᠠᠲᠠᠨ᠎ᠠ  ᠬᠡᠪᠲᠡᠭᠴᠢ
 ᠦᠨᠡᠭᠡ ᠴᠢᠨᠣ᠎ᠠ ᠶ᠋ᠢᠨ  ᠦᠨᠡᠨᠴᠢ ᠬᠠᠨᠢ
 ᠤᠯᠠᠢ  ᠰᠡᠭ ᠊ᠢ ᠤᠯᠠᠨ᠎ᠠ ᠵᠠᠷᠯᠠᠭᠴᠢ
 ᠤᠴᠠᠷᠠᠯ ᠮᠠᠭᠤ ᠶ᠋ᠢ ᠤᠷᠢᠲᠠᠪᠡᠷ  ᠵᠦᠩᠨᠡᠭᠴᠢ
             ( ᠬᠡᠷᠢᠶ᠎ᠡ )

 ᠠᠯᠴᠠᠩ ᠠᠯᠴᠠᠩ ᠠᠯᠬᠤᠲᠠᠯ ᠲᠠᠢ
 ᠠᠯᠲᠠᠨ ᠬᠠᠯᠪᠠᠬ᠋᠎ᠠ  ᠠᠮᠠ ᠲᠠᠢ
 ᠠᠯᠠᠭ ᠡᠷᠢᠶᠡᠨ ᠬᠦᠵᠦᠭᠦᠦ ᠲᠡᠢ
 ᠠᠯᠠᠬ᠋᠎ᠠ ᠨᠢ ᠪᠢᠲᠡᠭᠦᠦ ᠲᠠᠪᠠᠭ ᠲᠠᠢ
         ( ᠨᠤᠭᠤᠰᠤ )

 ᠭᠣᠵᠣᠭᠣᠷ ᠱᠠ  ᠮᠠᠯᠠᠬ᠋᠎ᠠ ᠲᠠᠢ
 ᠠᠯᠲᠠᠨ ᠥᠩᠭᠡ ᠶ᠋ᠢᠨ ᠬᠦᠷᠮ᠎ᠡ ᠲᠡᠢ
 ᠭᠠᠤᠯᠢᠨ ᠽᠠᠨᠲᠠᠨ ᠪᠦᠷᠢᠶ᠎ᠡ ᠲᠡᠢ
 ᠭᠤᠷᠪᠠᠨ ᠴᠠᠭ ᠦ᠋ᠨ ᠬᠤᠷᠠᠯ ᠲᠠᠢ
         (  ᠡᠷᠡᠭᠴᠢᠨ ᠲᠠᠬᠢᠶ᠎ᠠ ) 
  
 ᠨᠠᠷᠠᠨ ᠳᠣᠣᠭᠤᠷ  ᠭᠦᠶᠦᠳᠡᠭ ᠬᠡᠦᠬᠡᠨ
 ᠨᠠᠷᠢᠬᠠᠨ ᠬᠤᠭᠤᠷ ᠶ᠋ᠢᠠᠨ ᠲᠠᠲᠠᠲᠠᠭ ᠬᠡᠦᠬᠡᠨ
 ᠰᠠᠷᠠᠨ ᠳᠣᠣᠭᠤᠷ  ᠭᠦᠶᠦᠳᠡᠭ ᠬᠡᠦᠬᠡᠨ
 ᠰᠠᠶ᠋ᠢᠬᠠᠨ ᠬᠤᠭᠤᠷ ᠶ᠋ᠢᠠᠨ ᠲᠠᠲᠠᠲᠠᠭ ᠬᠡᠦᠬᠡᠨ
            ( ᠬᠤᠨ )

 ᠡᠷᠲᠡ ᠪᠣᠰᠤᠨ ᠡᠷᠡᠮᠡᠬᠡᠢ ᠳᠤᠤᠭᠠᠷᠤᠨ᠎ᠠ
 ᠡᠭᠦᠲᠡ ᠶ᠋ᠢ ᠨᠡᠭᠡᠭᠡᠯᠭᠡᠨ ᠡᠲᠦᠷ ᠪᠣᠯᠭᠠᠨ᠎ᠠ
        (  ᠡᠷᠡᠭᠴᠢᠨ ᠲᠠᠬᠢᠶ᠎ᠠ )

 ᠪᠠᠬ᠋᠎ᠠ ᠤᠯᠠᠭᠠᠨ ᠵᠡᠯ᠎ᠡ ᠪᠡᠨ ᠣᠷᠣᠢ ᠳᠡᠭᠡᠷ᠎ᠡ ᠪᠡᠨ ᠴᠢᠮᠡᠭᠡᠳ
 ᠪᠠᠶ᠋ᠢᠲᠠᠭ ᠰᠠᠶ᠋ᠢᠬᠠᠨ ᠬᠤᠪᠴᠠᠰᠤ ᠪᠠᠨ
 ᠪᠡᠶ᠎ᠡ ᠳᠡᠭᠡᠷ᠎ᠡ ᠪᠡᠨ ᠬᠡᠲᠦᠷᠴᠦ
 ᠪᠠᠷᠬᠢᠷᠠᠨ ᠵᠠᠩᠲᠤᠷᠬᠤ ᠶ᠋ᠢᠨ ᠦᠶ᠎ᠡ ᠳ᠋ᠤᠷ
 ᠪᠠᠶ᠋ᠢᠲᠠᠭ ᠡᠭᠦᠲᠡ ᠪᠦᠬᠦᠨ  ᠨᠡᠭᠡᠭᠡᠭᠳᠡᠨ᠎ᠡ
        (  ᠡᠷᠡᠭᠴᠢᠨ ᠲᠠᠬᠢᠶ᠎ᠠ )

 ᠪᠠᠭᠠᠬᠠᠨ ᠪᠡᠶ᠎ᠡ ᠲᠡᠢ ᠪᠣᠯᠪᠠᠴᠤ
 ᠪᠠᠤᠠᠮᠠᠷᠠᠭ ᠳᠡᠪᠡᠯ ᠊ᠢ ᠳᠠᠪᠬᠤᠷ ᠳᠠᠪᠬᠤᠷ ᠡᠮᠦᠰᠴᠦ
 ᠪᠠᠭᠯᠠᠷᠠᠨ ᠤᠷᠭᠤᠭᠰᠠᠨ ᠴᠡᠴᠡᠭ ᠊ᠢ ᠣᠷᠣᠢ ᠳᠡᠭᠡᠷ᠎ᠡ ᠪᠡᠨ ᠬᠠᠤᠠᠬᠤᠵᠤ
 ᠪᠠᠷᠬᠢᠷᠠᠬᠤ ᠳᠠᠭᠤᠨ ᠶ᠋ᠢᠠᠷ ᠮᠢᠩᠭᠠᠨ ᠡᠭᠦᠲᠡ ᠶ᠋ᠢ ᠨᠡᠭᠡᠭᠡᠨ᠎ᠡ
        (  ᠡᠷᠡᠭᠴᠢᠨ ᠲᠠᠬᠢᠶ᠎ᠠ )

 ᠲᠥᠷᠥ ᠶ᠋ᠢᠨ ᠳᠡᠪᠡᠯ ᠮᠠᠯᠠᠭᠠᠢ ᠪᠠᠨ ᠡᠮᠦᠰᠴᠦ
 ᠲᠥᠪᠳᠡᠭᠰᠡᠨ ᠴᠠᠭ ᠶ᠋ᠢᠠᠨ ᠠᠯᠲᠠᠬᠤ ᠦᠭᠡᠢ
 ᠲᠥᠪ ᠵᠣᠭᠰᠣᠭᠠᠳ ᠳᠠᠭᠤᠨ ᠭᠠᠷᠪᠠᠯ
 ᠲᠦᠮᠡᠨ ᠡᠭᠦᠲᠡ  ᠨᠡᠭᠡᠭᠡᠭᠳᠡᠨ᠎ᠡ
         (  ᠡᠷᠡᠭᠴᠢᠨ ᠲᠠᠬᠢᠶ᠎ᠠ )

 ᠤᠨᠠᠭᠰᠠᠨ ᠪᠤᠲᠠᠬ᠋᠎ᠠ ᠶ᠋ᠢ  ᠲᠡᠭᠦᠭᠴᠢ
 ᠤᠨᠲᠠᠭᠰᠠᠨ ᠬᠥᠮᠦᠨ ᠊ᠢ  ᠰᠡᠷᠢᠭᠡᠭᠴᠢ
          (  ᠡᠷᠡᠭᠴᠢᠨ ᠲᠠᠬᠢᠶ᠎ᠠ )
 
 ᠭᠤᠳ ᠭᠤᠳ ᠳᠠᠭᠤ ᠲᠠᠢ
 ᠭᠣᠶᠣ ᠡᠷᠢᠶᠡᠨ ᠳᠠᠬᠤ ᠲᠠᠢ
 ᠬᠥᠪᠴᠢ ᠣᠢ  ᠳ᠋ᠦ᠍ ᠨᠤᠲᠤᠭ ᠲᠠᠢ
 ᠬᠥᠨᠲᠡᠢ ᠵᠢᠯᠠᠬ᠋᠎ᠠ  ᠳ᠋ᠦ᠍ ᠪᠠᠭᠤᠲᠠᠯ ᠲᠠᠢ
       ( ᠭᠤᠷᠭᠤᠤᠯ )
 
 ᠬᠣᠣᠷᠯᠠᠬᠤ ᠮᠠᠭᠤ ᠶᠠᠪᠤᠲᠠᠯ ᠲᠠᠢ
 ᠬᠣᠣᠷᠲᠤ ᠮᠣᠭᠠᠢ ᠶ᠋ᠢᠨ ᠰᠡᠭᠦᠯ ᠲᠡᠢ
 ᠭᠣᠵᠣᠭᠣᠷ ᠤᠷᠲᠤ ᠪᠡᠶ᠎ᠡ ᠲᠡᠢ
 ᠭᠣᠭᠴᠣᠬ᠋᠎ᠠ ᠲᠣᠭᠣᠷᠢᠬ ᠬᠣᠰᠢᠭᠤ ᠲᠠᠢ
         ( ᠲᠣᠩᠰᠢᠭᠤᠯ )
 
 ᠫᠠᠭᠮ᠎ᠠ ᠬᠠᠲᠤᠨ
 ᠳᠠᠯᠠᠨ ᠳᠠᠪᠬᠤᠷ ᠨᠥᠮᠥᠷᠭᠡ ᠲᠡᠢ
          ( ᠲᠠᠭᠲᠠᠬ᠋᠎ᠠ )

 ᠬᠥᠳ ᠬᠥᠳ ᠳᠠᠭᠤ ᠲᠠᠢ
 ᠭᠡᠷ ᠦ᠋ᠨ ᠰᠠᠷᠠᠪᠴᠢᠨ  ᠳ᠋ᠦ᠍ ᠨᠤᠲᠤᠭ ᠲᠠᠢ
 ᠬᠠᠶ᠋ᠢᠷ ᠴᠢᠯᠠᠭᠤᠨ ᠬᠣᠭᠣᠯᠠ ᠲᠠᠢ
 ᠬᠠᠯᠢᠨ ᠨᠢᠰᠬᠦ ᠡᠷᠲᠡᠮ ᠲᠡᠢ
 ᠰᠦ᠋ ᠰᠢᠭ᠌ ᠰᠡᠤᠠᠬᠢᠯ ᠲᠡᠢ 
 ᠰᠦᠷᠦᠭᠯᠡᠨ ᠶᠠᠪᠤᠬᠤ ᠵᠠᠩᠰᠢᠯ ᠲᠠᠢ
              ( ᠲᠠᠭᠲᠠᠬ᠋᠎ᠠ )

 ᠬᠦᠦᠷ ᠬᠦᠦᠷ ᠳᠠᠭᠤ ᠲᠠᠢ
 ᠬᠥᠬᠡ ᠢᠮᠠᠬ᠋᠎ᠠ ᠶ᠋ᠢᠨ  ᠳᠠᠬᠤ  ᠲᠠᠢ
 ᠬᠥᠬᠡ ᠪᠤᠷᠴᠠᠭ ᠦ᠋ᠨ ᠨᠢᠲᠦ ᠲᠡᠢ
          ( ᠲᠠᠭᠲᠠᠬ᠋᠎ᠠ )

   ᠦᠰᠦᠭ ᠠᠮᠢᠯᠠᠭᠤᠯᠤᠭᠰᠠᠨ ᠨᠢ᠄   ᠳ᠋ᠦ᠋ᠩ ᠹᠧᠩ ᠂  ᠮᠢᠩᠭᠠᠳ · ᠴᠢᠮᠡᠭ 
         ᠬᠢᠨᠠᠭᠴᠢ ᠄ ᠬᠠᠷᠠᠨᠤᠳ · ᠲᠤᠶᠠᠭ᠎ᠠ ᠂  ᠮᠢᠩᠭᠠᠳ · ᠴᠢᠮᠡᠭ