ᠵᠡᠭᠦᠳᠦᠨ ᠵᠢᠵᠢᠭ ᠴᠢᠯᠠᠭᠤᠳ – ᠲ ᠂ ᠭᠣᠮᠪᠣᠵᠠᠪ Зүүдэн жижиг чулууд – Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠵᠢᠵᠢᠭ ᠴᠢᠯᠠᠭᠤᠳ – ᠲ ᠂ ᠭᠣᠮᠪᠣᠵᠠᠪ Зүүдэн жижиг чулууд – Т ᠂ Гомбожав

ᠵᠡᠭᠦᠳᠦᠨ ᠵᠢᠵᠢᠭ ᠴᠢᠯᠠᠭᠤᠳ – ᠲ ᠂ ᠭᠣᠮᠪᠣᠵᠠᠪ Зүүдэн жижиг чулууд – Т ᠂ Гомбожав

2023-04-11

262

ᠵᠡᠭᠦᠳᠦᠨ ᠵᠢᠵᠢᠭ ᠴᠢᠯᠠᠭᠤᠳ

 
                ᠲ · ᠭᠣᠮᠪᠣᠵᠠᠪ    

        ᠣᠮᠣᠷᠬᠠᠭ ᠵᠠᠩ ᠂ ᠳᠠᠷᠤᠤ ᠠᠭᠠᠯᠢ  

 ᠪᠣᠯᠵᠣᠮᠣᠷ ᠦᠲᠦ ᠵᠠᠭᠤᠵᠤ  
 ᠪᠤᠷᠭᠠᠰᠤᠨ ᠣᠷᠣᠢ ᠳ᠋ᠤ᠌ ᠠᠭᠤᠯᠠ ᠪᠣᠯᠤᠨ ᠰᠠᠭᠤᠨ᠎ᠠ  

 ᠠᠭᠤᠯᠠ ᠂ ᠨᠢᠷᠤᠭᠤᠨ ᠳ᠋ᠠᠭᠠᠨ ᠬᠠᠲᠠ ᠡᠭᠦᠷᠴᠦ
 ᠠᠭᠠᠷ ᠳᠤᠮᠳᠠ ᠬᠤᠨ ᠪ ᠦᠲᠦ ᠰᠢᠭ᠌ ᠬᠥᠪᠪᠦᠨ᠎ᠡ

 ᠳᠡᠯᠡᠬᠡᠢ ᠂ ᠬᠣᠷᠸ᠋᠎ᠠ ᠡᠷᠭᠢᠨ ᠠᠶᠠᠯᠠᠬᠤ ᠳ᠋ᠠᠭᠠᠨ
 ᠳᠡᠭᠡᠷ᠎ᠡ ᠨᠢ ᠬᠥᠪᠬᠦ ᠬᠤᠨ ᠪ ᠦᠲᠦᠨ  ᠳ᠋ᠤ᠌ ᠶᠠᠲᠠᠷᠠᠲᠠᠭ ᠪᠠᠶ᠋ᠢᠨᠠᠮ !

       ᠵᠠᠮ ᠦ᠋ᠨ ᠲᠤᠬᠠᠢ ᠶᠠᠷᠢᠶ᠎ᠠ

 ᠲᠡᠨᠡᠭᠦᠷ ᠪᠤᠤ ᠶᠠᠪᠤ ᠂ ᠡᠨᠡᠭᠦᠷ ᠶᠠᠪᠤ
 ᠲᠥᠭᠡᠷᠢᠨ᠎ᠡ ᠭᠡᠵᠦ ᠴᠢ ᠨᠠᠲᠠ ᠬᠡᠯᠡᠯ᠎ᠡ

 ᠭᠣᠷᠣᠬ᠎ᠠ ᠶ᠋ᠢᠨ ᠤᠰᠤᠨ ᠳ᠋ᠤ᠌ ᠴᠢᠯᠠᠭᠤ ᠬᠡᠶ᠋ᠢᠰᠦᠨ᠎ᠡ
 ᠴᠡᠴᠡᠭ  ᠵᠡᠭᠦᠭᠰᠡᠨ ᠠᠷᠪᠠᠳ ᠦ᠋ᠨ ᠰᠠᠷᠠ
 ᠴᠢᠨᠦ ᠵᠡᠭᠦᠲᠦ ᠶ᠋ᠢ ᠮᠠᠨᠠᠵᠤ ᠪᠠᠶ᠋ᠢᠬ ᠡ

 ᠵᠣᠷᠢᠬ ᠳᠥᠷᠥᠭᠡᠯᠡᠨ ᠶᠠᠪᠤᠬ᠋᠎ᠠ ᠬᠥᠮᠦᠨ
 ᠵᠠᠮ ᠦ᠋ᠨ ᠵᠢᠯᠣᠭᠣ ᠠᠤᠠᠬᠤᠲᠠᠭ ᠶᠤᠮ ᠰᠢᠦ
 ᠲᠥᠭᠡᠷᠢᠯ ᠮᠢᠨᠤᠬᠢ ᠪᠢᠰᠢ ᠡ

       ᠵᠡᠭᠦᠲᠦ

 ᠰᠠᠯᠬᠢ ᠶᠠᠲᠠᠷᠠᠵᠤ ᠂ ᠡᠪᠡᠰᠦᠨ ᠨᠠᠮᠠᠭᠠᠨ ᠳ᠋ᠤ᠌  ᠪᠥᠳᠥᠷᠢᠭᠰᠡᠭᠡᠷ
 ᠰᠠᠪᠠᠵᠤ ᠤᠨᠠᠭᠠᠳ ᠰᠢᠷᠣᠢ ᠳᠡᠷᠡᠯᠡᠨ ᠨᠣᠶ᠋ᠢᠷᠰᠤᠪᠠ
 ᠰᠠᠷᠠ ᠂ ᠬᠥᠯ ᠦᠭᠡᠢ ᠤᠰᠤᠨ ᠳ᠋ᠤ᠌ ᠴᠢᠮᠡᠭᠡ ᠦᠭᠡᠢ ᠲᠣᠨᠣᠵᠠᠢ

 ᠠᠮᠢ ᠂ ᠠᠮᠢ ᠦᠭᠡᠢ ᠠᠯᠢᠪᠠ ᠪᠦᠬᠦᠨ
 ᠠᠵᠢᠯᠯᠠᠬ᠋᠎ᠠ ᠵᠠᠪᠰᠠᠷᠯᠠᠵᠤ
 ᠨᠣᠶ᠋ᠢᠷ ᠂ ᠡᠷ᠎ᠡ ᠶ᠋ᠢᠨ ᠪᠡᠶ᠎ᠡ ᠡᠴᠡ ᠶᠠᠲᠠᠷᠠᠯ ᠠᠷᠴᠢᠨ᠎ᠠ

 ᠲᠠᠯ᠎ᠠ ᠳᠤᠭᠤᠢ ᠂ ᠠᠭᠤᠯᠠ ᠳᠤᠭᠤᠢ
 ᠲᠠᠭ ᠳᠤᠭᠤᠢ ᠬᠣᠷᠸ᠋᠎ᠠ  ᠳ᠋ᠤ᠌
 ᠳᠣᠮᠣᠭ ᠂ ᠵᠢᠷᠦᠬᠡ ᠨᠣᠭᠣᠭᠠᠨ ᠬᠡᠦᠬᠡᠳ ᠭᠥᠲᠦᠯᠵᠤ
 ᠣᠷᠣᠨ ᠴᠠᠭ ᠦ᠋ᠨ ᠬᠢᠵᠠᠭᠠᠷ ᠡᠪᠲᠡᠵᠦ ᠡᠬᠢᠯᠡᠨᠡᠮ ᠁

        ᠵᠣᠯ ᠵᠢᠷᠭᠠᠯ

 ᠠᠮᠤᠭᠤᠯᠠᠩ ᠮᠡᠲᠡᠭᠡᠯᠡᠭᠰᠡᠨ ᠭᠡᠷ ᠦ᠋ᠨ ᠶ᠋ᠢᠡᠨ ᠴᠢᠮᠡᠭᠡ ᠶ᠋ᠢ ᠲᠦᠰᠢᠵᠦ
 ᠠᠮᠲᠠᠲᠠᠶ᠋ᠢᠬᠠᠨ ᠤᠨᠲᠠᠬᠤ ᠬᠣᠩᠭᠣᠷ ᠦ᠋ᠨ ᠶ᠋ᠢᠠᠨ ᠵᠡᠭᠦᠲᠦ ᠶ᠋ᠢ ᠮᠠᠨᠠᠨ
 ᠠᠶ᠋ᠢᠯᠴᠢᠨ ᠡᠭᠦᠯᠡ ᠰᠠᠷᠠ ᠡᠷᠭᠢᠵᠦ ᠨᠠᠭᠠᠤᠠᠬᠤ
 ᠠᠯᠤᠰ ᠦ᠋ᠨ ᠪᠠᠷ᠎ᠠ ᠶ᠋ᠢ ᠭᠡᠭᠡᠪᠴᠢ ᠶ᠋ᠢᠨ ᠳᠣᠲᠣᠷ᠎ᠠ ᠠ᠋ᠴᠠ ᠬᠤᠷᠢᠶᠠᠵᠤ
 ᠦᠯᠦ ᠮᠡᠲᠡᠬᠦ ᠬᠣᠯᠠ ᠶ᠋ᠢᠨ ᠵᠠᠢ ᠤᠷᠤᠭᠤ
 ᠦᠯᠦ ᠮᠡᠲᠡᠬᠦ ᠪᠣᠲᠣᠯ ᠰᠢᠪᠡᠨᠡᠵᠦ
 ᠮᠠᠢ ! ᠭᠡᠵᠦ ᠭᠡᠷᠡᠯ ᠶ᠋ᠢᠡᠨ  ᠥᠭᠭᠦᠭᠰᠡᠨ ᠳ᠋ᠧᠩ ᠲᠡᠢ ᠪᠡᠨ
 ᠮᠢᠨᠦ ᠪᠡᠶ᠎ᠡ ᠵᠢᠷᠭᠠᠯ ᠰᠢᠮᠡᠵᠦ ᠰᠠᠭᠤᠨᠠᠮ !

      ᠰᠥᠨᠢ

 ᠰᠡᠭᠦᠲᠡᠷ ᠬᠢᠵᠠᠭᠠᠷ ᠦᠭᠡᠢ ᠰᠤᠨᠵᠤ ᠂ ᠪᠢ
 ᠰᠤᠮᠤ ᠤᠨᠤᠭᠰᠠᠨ ᠰᠢᠭ᠋ ᠬᠤᠷᠲᠤᠨ ᠥᠰᠴᠦ ᠪᠠᠶ᠋ᠢᠨ᠎ᠠ

 ᠡᠩ ᠥᠷᠭᠡᠨ ᠬᠠᠷ᠎ᠠ ᠬᠥᠨᠵᠢᠯᠡ
 ᠡᠪᠬᠡᠭᠡᠰᠦ ᠪᠡᠨ ᠳᠡᠯᠭᠡᠯ᠎ᠡ

 ᠬᠦᠦ ᠶ᠋ᠢᠨ ᠮᠢᠨᠢ ᠡᠭᠦᠲᠡ ᠶ᠋ᠢ ᠪᠤᠭᠤᠷᠤᠯ ᠳᠣᠮᠣᠭ
 ᠬᠥᠪ ᠬᠥᠩᠭᠡᠬᠡᠨ ᠲᠣᠭᠰᠢᠵᠤ
 ᠡᠷ᠎ᠡ ᠶ᠋ᠢᠨ ᠪᠣᠲᠣᠯ ᠂ ᠬᠣᠯᠠ ᠶ᠋ᠢᠨ ᠵᠠᠢ ᠤᠷᠤᠭᠤ
 ᠮᠣᠷᠢ ᠡᠮᠡᠭᠡᠯᠯᠡᠵᠦ ᠪᠠᠶ᠋ᠢᠨ᠎ᠠ

 ᠴᠠᠭᠠᠨ ᠲᠣᠯᠪᠣ ᠬᠠᠷᠠᠭᠲᠠᠬᠤ ᠦᠭᠡᠢ
 ᠴᠤᠯᠭᠤᠢ ᠬᠠᠷ᠎ᠠ ᠥᠩᠭᠡ
 ᠨᠠᠭᠠᠨ᠎ᠠ ᠨᠢ ᠂ ᠨᠠᠷᠠ ᠭᠡᠭᠡᠨ ᠡᠲᠦᠷ
 ᠨᠠᠪᠴᠢᠲᠤ ᠨᠣᠭᠣᠭᠠᠨ ᠡᠬᠡ ᠶ᠋ᠢᠨ ᠬᠡᠪᠡᠯᠢ ᠢᠰᠭᠦᠯᠦᠨᠡᠮ !

      ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎  ᠡᠴᠡ ᠬᠠᠭᠤᠯᠪᠠ᠃   
             
       ᠦᠰᠦᠭ ᠠᠮᠢᠯᠠᠭᠤᠯᠤᠭᠰᠠᠨ ᠨᠢ ᠄  ᠳᠠᠪᠰᠢᠯᠲᠦ
        ᠬᠢᠨᠠᠭ᠍ᠴᠢ ᠄   ᠴᠣᠯᠮᠣᠬ᠍ᠲᠤᠶᠠᠭ᠎ᠠ  ᠪᠠᠭ᠍ᠰᠢ
           2023 ᠣᠨ ᠪ4 ᠰᠠᠷ᠎ᠠ ᠶ᠋ᠢᠨ9